ᠨᠢᠭᠡ᠂ ᠬᠦᠳᠡᠭᠡ ᠶᠢᠨ ᠬᠤᠭ ᠤᠨ ᠢᠷᠡᠯᠳᠡ | 1. ᠬᠦᠳᠡᠭᠡ ᠶᠢᠨ ᠠᠮᠢᠳᠤᠷᠠᠯ ᠤᠨ ᠬᠤᠭ | ᠬᠦᠳᠡᠭᠡ ᠶᠢᠨ ᠠᠮᠢᠳᠤᠷᠠᠯ ᠤᠨ ᠬᠤᠭ ᠬᠡᠳᠡᠭ ᠨᠢ ᠦᠨᠡᠰᠤ᠂ ᠱᠦᠭᠦᠷᠳᠡᠵᠤ ᠬᠠᠶᠠᠭᠰᠠᠨ ᠰᠢᠪᠠᠷ ᠰᠢᠷᠤᠢ᠂ | ᠪᠠᠭᠯᠠᠭ᠎ᠠ ᠪᠤᠭᠤᠳᠠᠯ ᠤᠨ ᠮᠠᠲᠧᠷᠢᠶᠠᠯ ︵ᠰᠦᠯᠢᠶᠤᠤ᠂ ᠴᠠᠭᠠᠰᠤ᠂ ᠳᠡᠮᠦᠷᠯᠢᠭ︶᠂ ᠬᠤᠭᠤᠯᠠ ᠤᠮᠳᠠᠭᠠᠨ ᠤ | ᠦᠯᠡᠳᠡᠪᠦᠷᠢ ᠵᠡᠷᠭᠡ ᠠᠮᠠᠷᠬᠠᠨ ᠢᠯᠵᠢᠷᠡᠳᠡᠭ ᠤᠷᠭᠠᠨᠢᠭ ᠪᠤᠳᠠᠰ᠂ ᠬᠠᠶᠠᠭᠳᠠᠮᠠᠯ ᠳ᠋ᠢᠶᠠᠨ ᠤᠤᠢ᠂ ᠬᠠᠶᠠᠭᠳᠠᠮᠠᠯ | ᠴᠠᠬᠢᠯᠭᠠᠨ ᠤ ᠬᠡᠷᠡᠭᠰᠡᠯ᠂ ᠨᠢᠭᠡ ᠯᠡ ᠤᠳᠠᠭ᠎ᠠ ᠬᠡᠷᠡᠭᠯᠡᠳᠡᠭ ᠠᠷᠢᠭᠤᠨ ᠴᠡᠪᠡᠷ ᠤᠨ ᠬᠡᠷᠡᠭᠰᠡᠯ ᠵᠡᠷᠭᠡ ᠶᠢ ᠵᠢᠭᠠᠵᠤ | ᠪᠠᠶᠢᠨ᠎ᠠ᠃ | 2. ᠳᠠᠷᠢᠶᠠᠯᠠᠩ ᠤᠨ ᠰᠦᠯᠢᠶᠤᠤ ᠬᠦᠯᠡᠮᠵᠢ ᠶᠢᠨ ᠦᠯᠡᠳᠡᠭᠳᠡᠯ | ᠳᠠᠷᠢᠶᠠᠯᠠᠩ ᠤᠨ ᠰᠦᠯᠢᠶᠤᠤ ᠬᠦᠯᠡᠮᠵᠢ ︵ᠳᠦᠭᠦᠮᠴᠢᠯᠡᠭᠡᠳ ᠬᠦᠯᠡᠮᠵᠢ︶ ᠳᠤ ᠭᠤᠤᠯᠳᠠᠭᠤ ᠳᠠᠷᠢᠶᠠᠯᠠᠩ ᠤᠨ | ᠭᠠᠵᠠᠷ ᠬᠦᠯᠡᠮᠵᠢ ᠪᠤᠯᠤᠨ ᠫᠧᠩ ᠬᠦᠯᠡᠮᠵᠢ ᠬᠤᠶᠠᠷ ᠢ ᠪᠠᠭᠳᠠᠭᠠᠳᠠᠭ᠃ ᠳᠠᠷᠢᠶᠠᠯᠠᠩ ᠤᠨ ᠬᠦᠯᠡᠮᠵᠢ ᠶᠢᠨ ᠮᠡᠷᠭᠡᠵᠢᠯ ᠢ | ᠳᠡᠯᠭᠡᠷᠡᠭᠦᠯᠦᠨ ᠬᠡᠷᠡᠭᠯᠡᠭᠰᠡᠨ ᠨᠢ ᠮᠠᠨ ᠤ ᠤᠯᠤᠰ ᠤᠨ ᠳᠠᠷᠢᠶᠠᠯᠠᠬᠤ ᠳᠦᠷᠢᠮ ᠢ ᠦᠭᠡᠷᠡᠴᠢᠯᠡᠬᠦ᠂ ᠳᠠᠷᠢᠬᠤ | ᠪᠦᠳᠦᠴᠡ ᠶᠢ ᠳᠤᠬᠢᠷᠠᠭᠤᠯᠬᠤ ᠪᠤᠯᠤᠨ ᠦᠨᠳᠦᠷ ᠤᠨᠠᠯᠳᠠ᠂ ᠦᠨᠳᠦᠷ ᠠᠰᠢᠭᠳᠤ ᠴᠢᠨᠠᠷᠯᠢᠭ ᠳᠠᠷᠢᠶᠠᠯᠠᠩ ᠤᠨ | ᠬᠦᠭᠵᠢᠯᠳᠡ ᠳᠤ ᠴᠢᠬᠤᠯᠠ ᠨᠦᠯᠦᠭᠡ ᠦᠵᠡᠭᠦᠯᠦᠭᠰᠡᠨ ᠪᠦᠭᠡᠳ ᠳᠠᠷᠢᠶᠠᠴᠢᠳ ᠤᠨ ᠤᠷᠤᠯᠭ᠎ᠠ ᠶᠢ ᠨᠡᠮᠡᠭᠳᠡᠭᠦᠯᠬᠦ᠂ | ᠳᠠᠷᠢᠶᠠᠯᠠᠩ ᠤᠨ ᠦᠷ᠎ᠡ ᠠᠰᠢᠭ ᠢ ᠨᠡᠮᠡᠭᠳᠡᠭᠦᠯᠬᠦ ᠳᠤ ᠢᠳᠡᠪᠬᠢᠳᠡᠢ ᠦᠢᠯᠡᠳᠦᠯ ᠦᠵᠡᠭᠦᠯᠦᠭᠰᠡᠨ ᠪᠠᠶᠢᠨ᠎ᠠ᠃ | 3. ᠪᠠᠷᠢᠯᠭ᠎ᠠ ᠶᠢᠨ ᠬᠤᠭ᠂ ᠦᠯᠡᠳᠡᠭᠳᠡᠯ ᠡᠰᠢ ᠰᠦᠷᠡᠯ | ᠬᠦᠳᠡᠭᠡ ᠳᠤᠰᠬᠤᠨ ᠬᠤᠳᠠᠴᠢᠯᠠᠬᠤ ᠠᠬᠢᠴᠠ ᠳᠦᠷᠭᠡᠳᠬᠦ ᠪᠠ ᠬᠦᠳᠡᠭᠡ ᠶᠢᠨ ᠦᠭᠡᠷᠡᠴᠢᠯᠡᠯᠳᠡ ᠶᠢᠨ | ᠬᠦᠨᠵᠡᠭᠡᠶᠢᠷᠡᠬᠦ ᠶᠢ ᠳᠠᠭᠠᠯᠳᠤᠨ᠂ ᠬᠦᠳᠡᠭᠡ ᠶᠢᠨ ᠪᠠᠷᠢᠯᠭ᠎ᠠ ᠶᠢᠨ ᠬᠤᠭ ᠳᠦᠷᠭᠡᠨ ᠨᠡᠮᠡᠭᠳᠡᠭᠰᠡᠨ ᠪᠠᠶᠢᠨ᠎ᠠ᠃ ᠨᠦᠬᠦᠭᠡ | ᠳᠠᠯ᠎ᠠ ᠪᠠᠷ ᠮᠠᠯᠴᠢᠨ ᠳᠠᠷᠢᠶᠠᠴᠢᠳ ᠤᠨ ᠠᠮᠢᠳᠤᠷᠠᠯ ᠤᠨ ᠬᠢᠷᠢ ᠬᠡᠮᠵᠢᠶ᠎ᠡ ᠠᠭᠠᠵᠢᠮ ᠢᠶᠠᠷ ᠳᠡᠭᠡᠭᠰᠢᠯᠡᠬᠦ ᠶᠢᠨ ᠳᠠᠭᠠᠤ | ᠳᠠᠸᠡᠷᠴᠢᠯᠠᠭᠰᠠᠨ ᠡᠨᠧᠷᠭᠢ ᠨᠡᠶᠢᠳᠡᠮ ᠬᠡᠷᠡᠭᠯᠡᠬᠦ ᠪᠤᠯᠵᠤ᠂ ᠤᠯᠠᠩᠬᠢ ᠳᠠᠷᠢᠶᠠᠨ ᠭᠠᠵᠠᠷ ᠤᠨ ᠡᠰᠢ ᠰᠦᠷᠡᠯ ᠨᠢ ᠨᠢᠭᠡᠨᠳᠡ | ᠬᠠᠶᠠᠭᠳᠠᠮᠠᠯ ᠪᠤᠯᠵᠤ ᠳᠠᠷᠢᠶᠠᠨ ᠭᠠᠵᠠᠷ ᠲᠤ ᠤᠷᠬᠢᠭᠳᠠᠭᠰᠠᠨ ᠪᠠ ᠴᠢᠨᠠᠭᠰᠢᠯᠠᠪᠠᠯ ᠨᠢᠭᠡᠮᠦᠰᠦᠨ ᠭᠠᠯᠳᠠᠵᠤ᠂ ᠤᠷᠴᠢᠨ | ᠳᠤᠭᠤᠷᠢᠨ ᠢ ᠬᠦᠨᠳᠤ ᠨᠤᠴᠢᠳᠠᠢ ᠪᠤᠬᠢᠷᠳᠤᠭᠤᠯᠵᠤ ᠪᠠᠶᠢᠨ᠎ᠠ᠃ | ᠬᠤᠶᠠᠷ᠂ ᠬᠦᠳᠡᠭᠡ ᠶᠢᠨ ᠬᠤᠭ ᠢ ᠳᠦᠷᠦᠯ ᠬᠤᠪᠢᠶᠠᠬᠤ | 1. ᠤᠷᠭᠠᠨᠢᠭ ᠬᠤᠭ | ᠳᠡᠯᠭᠡᠷᠡᠩᠭᠦᠢ ᠤᠳᠬ᠎ᠠ ᠶᠢᠨ ᠤᠷᠭᠠᠨᠢᠭ ᠬᠤᠭ ᠭᠡᠳᠡᠭ ᠨᠢ ᠤᠷᠭᠠᠨᠢᠭ ᠪᠤᠳᠠᠰ ᠢᠶᠠᠷ ᠪᠦᠷᠢᠯᠳᠦᠭᠰᠡᠨ᠂ | ᠵᠢᠱᠢᠶᠡᠯᠡᠪᠡᠯ ᠵᠢᠮᠢᠰ ᠤᠨ ᠬᠠᠯᠢᠰᠤ᠂ ᠨᠤᠭᠤᠭ᠎ᠠ ᠶᠢᠨ ᠨᠠᠪᠴᠢ᠂ ᠶᠠᠰᠤ᠂ ᠬᠠᠶᠠᠭᠳᠠᠮᠠᠯ ᠴᠠᠭᠠᠰᠤ᠂ ᠰᠢᠷᠬᠡᠭᠯᠢᠭ | ᠮᠠᠲᠧᠷᠢᠶᠠᠯ᠂ ᠬᠠᠭᠤᠴᠢᠨ ᠪᠦᠰ᠂ ᠭᠡᠭᠡᠭᠳᠡᠮᠡᠯ ᠠᠷᠠᠰᠤ ᠰᠢᠷᠢ᠂ ᠭᠤᠮ ᠪᠤᠶᠤ ᠰᠦᠯᠢᠶᠤᠤ ᠮᠠᠲᠧᠷᠢᠶᠠᠯ ᠵᠡᠷᠭᠡ ᠶᠢ | ᠪᠠᠭᠳᠠᠭᠠᠨ᠎ᠠ᠃ ᠡ᠊ᠨᠳᠡ ᠬᠡᠯᠡᠵᠤ ᠪᠠᠶᠢᠭ᠎ᠠ ᠤᠷᠭᠠᠨᠢᠭ ᠬᠤᠭ ᠭᠡᠳᠡᠭ ᠨᠢ ᠵᠢᠮᠢᠰ ᠤᠨ ᠬᠠᠯᠢᠰᠤ᠂ ᠨᠤᠭᠤᠭ᠎ᠠ ᠶᠢᠨ | ᠨᠠᠪᠴᠢ ᠵᠡᠷᠭᠡ ᠳᠤᠭᠤᠭᠠᠨ ᠭᠡᠷ ᠤᠨ ᠬᠤᠭ ᠵᠢᠴᠢ ᠮᠤᠳᠤᠨ ᠤ ᠨᠠᠪᠴᠢ ᠵᠡᠷᠭᠡ ᠳᠠᠷᠢᠶᠠᠨ ᠭᠠᠵᠠᠷ ᠲᠤ ᠪᠤᠴᠠᠭᠠᠵᠤ | ᠠᠰᠢᠭᠯᠠᠵᠤ ᠪᠤᠯᠬᠤ ᠬᠤᠭ ᠤᠳ ᠢ ᠵᠢᠭᠠᠵᠤ ᠪᠠᠶᠢᠨ᠎ᠠ᠃ | 2. ᠤᠷᠭᠠᠨᠢᠭ ᠪᠤᠰᠤ ᠬᠤᠭ | ᠤᠷᠭᠠᠨᠢᠭ ᠪᠤᠰᠤ ᠬᠤᠭ ᠭᠡᠳᠡᠭ ᠨᠢ ᠨᠡᠭᠦᠷᠡᠰᠤᠨ ᠦᠨᠡᠰᠤ᠂ ᠪᠠᠷᠢᠯᠭ᠎ᠠ ᠶᠢᠨ ᠬᠤᠭ ᠵᠡᠷᠭᠡ ᠬᠤᠷᠢᠶᠠᠵᠤ | ᠠᠰᠢᠭᠯᠠᠬᠤ ᠦᠷᠳᠡᠭ ᠦᠭᠡᠢ᠂ ᠭᠡᠪᠡᠴᠤ ᠤᠷᠴᠢᠨ ᠳᠤᠭᠤᠷᠢᠨ ᠳᠤ ᠦᠵᠡᠭᠦᠯᠬᠦ ᠬᠤᠤᠷ ᠬᠦᠨᠦᠭᠡᠯ ᠨᠢ ᠪᠠᠭ᠎ᠠ ᠰᠢᠭ᠋ | ᠬᠤᠭ ᠤᠳ ᠢ ᠵᠢᠭᠠᠵᠤ ᠪᠠᠶᠢᠨ᠎ᠠ᠃ | 3. ᠬᠤᠷᠢᠶᠠᠬᠤ ᠦᠷᠳᠡᠭ ᠲᠠᠢ ᠬᠤᠭ | ᠬᠤᠷᠢᠶᠠᠬᠤ ᠦᠷᠳᠡᠭ ᠲᠠᠢ ᠬᠤᠭ ᠭᠡᠳᠡᠭ ᠨᠢ ᠬᠠᠶᠠᠭᠳᠠᠮᠠᠯ ᠰᠦᠯᠢᠶᠤᠤ᠂ ᠰᠢᠯ᠂ ᠭᠤᠮ ᠵᠡᠷᠭᠡ ᠳᠠᠬᠢᠨ | ᠠᠰᠢᠭᠯᠠᠵᠤ ᠪᠤᠯᠬᠤ ᠬᠤᠭ ᠤᠳ ᠢ ᠵᠢᠭᠠᠵᠤ ᠪᠠᠶᠢᠨ᠎ᠠ᠃ | 4. ᠬᠤᠤᠷ ᠬᠦᠨᠦᠭᠡᠯ ᠲᠠᠢ ᠬᠤᠭ | ᠬᠦᠮᠦᠨ ᠤ ᠪᠡᠶ᠎ᠡ ᠶᠢᠨ ᠡᠷᠡᠭᠦᠯ ᠴᠢᠬᠢᠷᠠᠭ ᠪᠤᠶᠤ ᠤᠷᠴᠢᠨ ᠳᠤᠭᠤᠷᠢᠨ ᠳᠤ ᠪᠤᠳᠠᠳᠤ ᠬᠤᠤᠷ ᠬᠦᠨᠦᠭᠡᠯ ᠲᠠᠢ᠂ | ᠡᠰᠡᠭᠦᠯ᠎ᠡ ᠨᠢᠭᠤᠭᠳᠠᠮᠠᠯ ᠬᠤᠤᠷ ᠬᠦᠨᠦᠭᠡᠯ ᠲᠠᠢ ᠬᠦᠨᠳᠤ ᠳᠡᠮᠦᠷᠯᠢᠭ᠂ ᠬᠤᠤᠷᠳᠤ ᠪᠤᠳᠠᠰ ᠲᠠᠢ ᠬᠠᠶᠠᠭᠳᠠᠮᠠᠯ ᠢ | ᠵᠢᠭᠠᠵᠤ ᠪᠠᠶᠢᠨ᠎ᠠ᠃ ᠡᠨᠡᠬᠦ ᠳᠦᠷᠦᠯ ᠤᠨ ᠬᠤᠭ ᠨᠢ ᠬᠠᠶᠠᠭᠳᠠᠮᠠᠯ ᠳ᠋ᠢᠶᠠᠨ ᠤᠤᠢ᠂ ᠬᠠᠶᠠᠭᠳᠠᠮᠠᠯ ᠴᠡᠭᠡᠨ ᠳ᠋ᠧᠩ ᠤᠨ | ᠬᠤᠭᠤᠯᠠᠢ᠂ ᠬᠠᠭᠤᠴᠢᠨ ᠴᠠᠬᠢᠯᠭᠠᠨ ᠬᠡᠷᠡᠭᠰᠡᠯ᠂ ᠭᠡᠭᠡᠭᠳᠡᠮᠡᠯ ᠰᠢᠷ ᠰᠠᠪᠠ᠂ ᠬᠤᠭᠤᠴᠠᠭ᠎ᠠ ᠨᠢ ᠦᠩᠭᠡᠷᠡᠭᠰᠡᠨ ᠡᠮ᠂ | ᠤᠷᠭᠠᠨᠢᠭ ᠬᠤᠷᠤᠬᠠᠢ ᠠᠯᠠᠬᠤ ᠡᠮ᠂ ᠪᠠᠺᠲᠧᠷᠢ ᠠᠯᠠᠬᠤ ᠡᠮ᠂ ᠡᠪᠡᠰᠤ ᠠᠷᠢᠯᠭᠠᠭᠴᠢ ᠡᠳ᠋ ᠪᠤᠯᠤᠨ ᠰᠠᠪᠠ ︵ᠯᠤᠩᠬᠤ | ︶ ᠵᠡᠷᠭᠡ ᠬᠤᠤᠷ ᠬᠦᠨᠦᠭᠡᠯ ᠲᠠᠢ᠂ ᠳᠤᠰᠬᠠᠢᠢᠯᠠᠨ ᠰᠢᠢᠳᠪᠦᠷᠢᠯᠡᠬᠦ ᠴᠢᠬᠤᠯᠠ ᠲᠠᠢ ᠨᠢᠭᠡ ᠪᠦᠯᠦᠭ ᠬᠤᠭ ᠤᠳ ᠢ | ᠵᠢᠭᠠᠵᠤ ᠪᠠᠶᠢᠨ᠎ᠠ᠃ |