ᠬᠤᠭ ᠢ ᠴᠡᠪᠡᠷᠰᠢᠭᠦᠯᠦᠨ ᠪᠤᠯᠠᠬᠤ ᠶᠢ ᠶᠡᠷᠦ ᠳᠡᠭᠡᠨ ᠬᠦᠴᠢᠯᠳᠦ᠋ᠷᠦᠭᠴᠢ ᠴᠡᠭᠡᠷᠰᠡᠭ᠂ ᠬᠦᠴᠢᠯᠳᠦ᠋ᠷᠦᠭᠴᠢ | ᠳᠤᠷᠠᠰᠠᠭ ᠪᠠ ᠬᠦᠴᠢᠯᠳᠦ᠋ᠷᠦᠭᠴᠢᠰᠡᠭ ︵ᠳᠠᠷᠤᠢ ᠬᠦᠴᠢᠯᠳᠦ᠋ᠷᠦᠭᠴᠢ ᠳᠤᠷᠠᠰᠠᠭ ᠪᠤᠯᠤᠨ ᠬᠦᠴᠢᠯᠳᠦ᠋ᠷᠦᠭᠴᠢ | ᠴᠡᠭᠡᠷᠰᠡᠭ ᠬᠠᠮᠳᠤ ᠤᠷᠤᠰᠢᠬᠤ ᠬᠡᠯᠪᠡᠷᠢ ᠶᠢ ᠬᠡᠯᠡᠨ᠎ᠡ︶ ᠭᠡᠵᠤ ᠭᠤᠷᠪᠠᠨ ᠬᠡᠯᠪᠡᠷᠢ ᠬᠤᠪᠢᠶᠠᠳᠠᠭ᠃ ᠡᠭᠦᠨ ᠳᠤ | ᠬᠦᠴᠢᠯᠳᠦ᠋ᠷᠦᠭᠴᠢ ᠴᠡᠭᠡᠷᠰᠡᠭ ᠪᠤᠯᠠᠬᠤ ᠠᠷᠭ᠎ᠠ ᠶᠢ ᠤᠯᠤᠰ ᠤᠨ ᠳᠤᠳᠤᠭᠠᠳᠤ ᠳᠤ ᠬᠠᠮᠤᠭ ᠠᠴᠠ ᠤᠯᠠᠨ ᠬᠡᠷᠡᠭᠯᠡᠵᠤ | ᠪᠠᠶᠢᠨ᠎ᠠ᠃ ᠳᠡᠷᠡ ᠨᠢ ᠪᠤᠯᠠᠬᠤ ᠳᠤ ᠳᠦᠭᠦᠮ᠂ ᠬᠢᠬᠦ ᠳᠤ ᠠᠮᠠᠷᠬᠠᠨ᠂ ᠵᠠᠷᠤᠳᠠᠯ ᠨᠢ ᠳᠤᠤᠷ᠎ᠠ ᠵᠡᠷᠭᠡ ᠳᠠᠪᠠᠭᠤᠯᠢᠭ | ᠳᠠᠯ᠎ᠠ ᠲᠠᠢ ᠪᠠᠶᠢᠳᠠᠭ᠃ | ᠡᠷᠡᠭᠦᠯ ᠬᠠᠮᠠᠭᠠᠯᠠᠯ ᠤᠨ ᠪᠠᠷᠢᠮᠵᠢᠶ᠎ᠠ ᠪᠠᠷ ᠪᠤᠯᠠᠬᠤ ᠳᠤ ᠬᠡᠷᠡᠭᠰᠡᠬᠦ ᠳᠠᠯᠠᠪᠠᠢ ᠨᠢ ᠶᠡᠭᠡ᠂ ᠤᠯᠠᠨ ᠵᠦᠢᠯ ᠤᠨ | ᠪᠤᠯᠠᠭᠳᠠᠴᠠ ᠬᠡᠢ᠂ ᠨᠡᠪᠴᠢᠮᠡᠯ ᠰᠢᠩᠭᠡᠨ ᠵᠡᠷᠭᠡ ᠪᠤᠬᠢᠷᠳᠤᠯ ᠪᠤᠳᠠᠰ ᠡᠭᠦᠰᠳᠡᠭ ᠶᠤᠮ᠃ ᠡᠶᠢᠮᠤ ᠠᠴᠠ ᠬᠤᠭ ᠢ | ᠴᠡᠪᠡᠷᠰᠢᠭᠦᠯᠦᠨ ᠪᠤᠯᠠᠬᠤ ᠮᠡᠷᠭᠡᠵᠢᠯ ᠤᠨ ᠱᠠᠭᠠᠷᠳᠠᠯᠭ᠎ᠠ ᠳᠤ ᠭᠤᠤᠯ ᠨᠢ ᠪᠤᠯᠠᠬᠤ ᠳᠠᠯᠠᠪᠤᠷ ᠤᠨ ᠤᠷᠤᠨ ᠪᠠᠶᠢᠷᠢ ᠶᠢ | ᠰᠤᠩᠭᠤᠬᠤ᠂ ᠪᠤᠯᠠᠬᠤ ᠳᠠᠯᠠᠪᠠᠢ ᠶᠢᠨ ᠢᠷᠤᠭᠠᠷ ᠤᠨ ᠬᠡᠰᠡᠭ ᠤᠨ ᠤᠰᠤ ᠨᠡᠪᠴᠢᠬᠦ ᠦᠭᠡᠢ ᠳᠠᠪᠬᠤᠷᠭ᠎ᠠ ᠶᠢᠨ | ᠵᠤᠵᠠᠭᠠᠨ ᠤ ᠬᠡᠮᠵᠢᠶ᠎ᠡ᠂ ᠬᠤᠤᠷᠳᠤ ᠬᠡᠢ ᠶᠢ ᠳᠠᠮᠵᠢᠭᠤᠯᠤᠨ ᠭᠠᠷᠭᠠᠬᠤ ᠬᠤᠭᠤᠯᠠᠢ ᠶᠢ ᠪᠠᠶᠢᠭᠤᠯᠤᠨ ᠳᠠᠯᠪᠢᠬᠤ | ᠵᠡᠷᠭᠡ ᠶᠢ ᠪᠠᠭᠳᠠᠭᠠᠳᠠᠭ᠃ | ᠨᠢᠭᠡ᠂ ᠬᠤᠭ ᠪᠤᠯᠠᠬᠤ ᠳᠦᠷᠢᠮ | ᠬᠤᠭ ᠢ ᠪᠤᠯᠠᠬᠤ ᠳᠤ ᠳᠤᠤᠷᠠᠬᠢ ᠵᠠᠷᠴᠢᠮ ᠢ ᠵᠢᠷᠦᠮᠯᠠᠬᠤ ᠬᠡᠷᠡᠭᠳᠡᠢ᠃ | 1. ᠡᠬᠢ ᠰᠤᠷᠪᠤᠯᠵᠢ ᠠᠴᠠ ᠨᠢ ᠡᠬᠢᠯᠡᠨ ᠬᠤᠭ ᠢ ᠪᠠᠭᠠᠰᠬᠠᠵᠤ᠂ ᠪᠤᠯᠠᠬᠤ ᠬᠡᠮᠵᠢᠶ᠎ᠡ ᠪᠤᠯᠤᠨ ᠡᠵᠡᠯᠡᠭᠦᠨ ᠢ ᠨᠢ | ᠪᠠᠭᠠᠰᠬᠠᠨ᠎ᠠ᠃ | 2. ᠬᠤᠭ ᠢ ᠳᠦᠷᠦᠯ ᠬᠤᠪᠢᠶᠠᠨ ᠴᠤᠭᠯᠠᠭᠤᠯᠵᠤ᠂ ᠳᠦᠷᠦᠯ ᠬᠤᠪᠢᠶᠠᠨ ᠬᠤᠷᠢᠶᠠᠬᠤ ᠪᠤᠯᠤᠨ ᠠᠰᠢᠭᠯᠠᠬᠤ ᠶᠢ | ᠬᠡᠷᠡᠭᠵᠢᠭᠦᠯᠦᠨ᠎ᠡ᠃ | 3. ᠬᠤᠤᠷᠳᠤ ᠡᠮ ᠤᠨ ᠵᠦᠢᠯ᠂ ᠬᠢᠮᠢ ᠶᠢᠨ ᠤᠷᠪᠠᠯ ᠡᠬᠦᠰᠬᠦ ᠪᠦᠭᠡᠳ ᠬᠤᠤᠷᠳᠤ ᠪᠤᠳᠠᠰ ᠡᠭᠦᠰᠭᠡᠬᠦ ᠪᠤᠳᠠᠰ᠂ | ᠢᠳᠡᠭᠳᠡᠭᠦᠯᠬᠦ ᠪᠤᠶᠤ ᠰᠠᠴᠤᠷᠠᠭ ᠴᠢᠨᠠᠷ ᠲᠠᠢ ᠪᠤᠳᠠᠰ᠂ ᠠᠮᠠᠷᠬᠠᠨ ᠨᠤᠴᠤᠵᠤ ᠳᠡᠯᠪᠡᠷᠡᠬᠦ ᠵᠡᠷᠭᠡ ᠠᠶᠤᠯᠳᠡᠢ ᠪᠤᠳᠠᠰ᠂ | ᠠᠮᠢᠳᠤ ᠪᠤᠳᠠᠰ ᠤᠨ ᠪᠤᠬᠢᠷᠳᠤᠯ ᠪᠤᠳᠠᠰ ᠪᠤᠯᠤᠨ ᠡᠮᠨᠡᠯᠭᠡ ᠶᠢᠨ ᠬᠤᠭ ᠵᠢᠴᠢ ᠪᠤᠰᠤᠳ ᠤᠷᠴᠢᠨ ᠳᠤᠭᠤᠷᠢᠨ ᠢ | ᠬᠦᠨᠳᠤ ᠪᠤᠬᠢᠷᠳᠤᠭᠤᠯᠬᠤ ᠪᠤᠳᠠᠰ ᠵᠡᠷᠭᠡ ᠶᠢ ᠪᠤᠯᠠᠬᠤ ᠶᠢ ᠴᠠᠭᠠᠵᠠᠯᠠᠨ᠎ᠠ᠃ | 4. ᠪᠤᠯᠠᠬᠤ ᠪᠤᠳᠠᠰ ᠤᠨ ᠭᠤᠤᠯ ᠪᠤᠯᠬᠤ ᠹᠢᠽᠢᠺ ᠤᠨ ᠰᠢᠨᠵᠢ ᠴᠢᠨᠠᠷ ᠪᠤᠯᠤᠨ ᠪᠦᠷᠢᠯᠳᠦᠭᠦᠨ ᠨᠢ ᠳᠤᠤᠷᠠᠬᠢ | ᠳᠤᠭᠳᠠᠭᠠᠯ ᠳᠤ ᠨᠡᠶᠢᠴᠡᠭᠰᠡᠨ ᠪᠠᠶᠢᠬᠤ ᠬᠡᠷᠡᠭᠳᠡᠢ᠃ ︵1︶ ᠤᠰᠤᠨ ᠤ ᠠᠭᠤᠯᠤᠭᠳᠠᠴᠠ ᠨᠢ 20% ᠠᠴᠠ ᠪᠠᠭ᠎ᠠ | ᠪᠠᠶᠢᠬᠤ ᠬᠡᠷᠡᠭᠳᠡᠢ᠃ ︵2︶ ᠤᠷᠭᠠᠨᠢᠭ ᠪᠤᠰᠤ ᠪᠦᠷᠢᠯᠳᠦᠭᠦᠨ ᠨᠢ 60% ᠠᠴᠠ ᠶᠡᠭᠡ ᠪᠠᠶᠢᠬᠤ ᠬᠡᠷᠡᠭᠳᠡᠢ᠃ ︵3︶ | ᠨᠢᠭᠳᠠᠴᠠ ᠨᠢ 0.5 T / ᠪᠤᠰᠤᠭ᠎ᠠ ᠳᠦᠷᠪᠡᠯᠵᠢᠨ ᠮᠧᠳ᠋ᠷ ᠠᠴᠠ ᠶᠡᠭᠡ ᠪᠠᠶᠢᠬᠤ ᠬᠡᠷᠡᠭᠳᠡᠢ᠃ | ᠬᠤᠶᠠᠷ᠂ ᠪᠤᠯᠠᠬᠤ ᠳᠠᠯᠠᠪᠤᠷ ᠤᠨ ᠤᠷᠤᠨ ᠪᠠᠶᠢᠷᠢ ᠶᠢ ᠰᠤᠩᠭᠤᠬᠤ | ᠪᠤᠯᠠᠬᠤ ᠳᠠᠯᠠᠪᠤᠷ ᠤᠨ ᠤᠷᠤᠨ ᠪᠠᠶᠢᠷᠢ ᠶᠢ ᠰᠤᠩᠭᠤᠬᠤ ᠳᠤ ᠳᠤᠤᠷᠠᠬᠢ ᠵᠠᠷᠴᠢᠮ ᠢ ᠵᠢᠷᠤᠮᠯᠠᠬᠤ ᠬᠡᠷᠡᠭᠳᠡᠢ᠃ | 1. ᠪᠤᠯᠠᠬᠤ ᠳᠠᠯᠠᠪᠤᠷ ᠨᠢ ᠭᠠᠵᠠᠷ ᠳᠤᠤᠷᠠᠬᠢ ᠤᠰᠤ ᠶᠢ ᠬᠠᠮᠠᠭᠠᠯᠠᠬᠤ ᠤᠷᠤᠨ ᠪᠤᠯᠤᠨ ᠭᠠᠵᠠᠷ ᠳᠤᠤᠷᠠᠬᠢ ᠤᠰᠤᠨ ᠤ | ᠡᠬᠢ ᠰᠤᠷᠪᠤᠯᠵᠢ ᠶᠢ ᠨᠦᠬᠦᠪᠦᠷᠢᠯᠡᠬᠦ ᠤᠷᠤᠨ ᠢ ᠡᠵᠡᠯᠡᠵᠤ ᠪᠤᠯᠬᠤ ᠦᠭᠡᠢ᠃ | 2. ᠪᠤᠯᠠᠬᠤ ᠳᠠᠯᠠᠪᠤᠷ ᠢᠶᠠᠨ ᠬᠤᠪᠤᠷ ᠨᠠᠨᠳᠢᠨ ᠤᠷᠭᠤᠮᠠᠯ ᠤᠨ ᠬᠠᠮᠠᠭᠠᠯᠠᠯᠳᠠ ᠶᠢᠨ ᠤᠷᠤᠨ ᠪᠤᠯᠤᠨ ᠤᠯᠤᠰ᠂ | ᠤᠷᠤᠨ ᠤ ᠪᠠᠶᠢᠭᠠᠯᠢ ᠶᠢᠨ ᠬᠠᠮᠠᠭᠠᠯᠠᠯᠳᠠ ᠶᠢᠨ ᠤᠷᠤᠨ ᠳᠤ ᠪᠠᠶᠢᠭᠤᠯᠵᠤ ᠪᠤᠯᠬᠤ ᠦᠭᠡᠢ᠃ | 3. ᠪᠤᠯᠠᠬᠤ ᠳᠠᠯᠠᠪᠤᠷ ᠢᠶᠠᠨ ᠦᠵᠡᠮᠵᠢ ᠶᠢᠨ ᠤᠷᠤᠨ᠂ ᠵᠢᠭᠤᠯᠴᠢᠯᠠᠯ ᠤᠨ ᠤᠷᠤᠨ ᠪᠤᠯᠤᠨ ᠳᠡᠤᠬᠡ ᠶᠢᠨ ᠳᠤᠷᠠᠰᠬᠠᠯᠳᠤ | ᠵᠦᠢᠯ ᠢ ᠬᠠᠮᠠᠭᠠᠯᠠᠬᠤ ᠤᠷᠤᠨ ᠳᠤ ᠪᠠᠶᠢᠭᠤᠯᠬᠤ ᠪᠤᠯᠬᠤ ᠦᠭᠡᠢ᠃ | 4. ᠪᠤᠯᠠᠬᠤ ᠳᠠᠯᠠᠪᠤᠷ ᠢᠶᠠᠨ ᠭᠤᠤᠯ ᠮᠦᠷᠡᠨ ᠪᠤᠯᠤᠨ ᠨᠠᠭᠤᠷ ᠴᠦᠭᠦᠷᠦᠮ ᠠᠴᠠ 50 ᠮᠧᠳ᠋ᠷ ᠠᠴᠠ ᠤᠢᠢᠷᠠᠯᠴᠠᠭ᠎ᠠ | ᠪᠠᠶᠢᠭ᠎ᠠ ᠭᠠᠵᠠᠷ ᠤᠷᠤᠨ ᠳᠤ ᠪᠠᠶᠢᠭᠤᠯᠵᠤ ᠪᠤᠯᠬᠤ ᠦᠭᠡᠢ᠃ | 5. ᠪᠤᠯᠠᠬᠤ ᠳᠠᠯᠠᠪᠤᠷ ᠢᠶᠠᠨ ᠭᠠᠵᠠᠷ ᠤᠨ ᠰᠠᠭᠤᠷᠢ ᠶᠢᠨ ᠰᠢᠷᠤᠢ ᠪᠤᠯᠤᠨ ᠡᠷᠭᠢᠨ ᠳᠤᠭᠤᠷᠢᠨ ᠤ ᠤᠷᠴᠢᠨ | ᠳᠤᠭᠤᠷᠢᠨ ᠨᠢ ᠵᠠᠪᠠᠯ ᠤᠷᠳᠤ ᠬᠤᠭᠤᠴᠠᠭ᠎ᠠ ᠪᠠᠷ ᠳᠤᠭᠳᠠᠪᠤᠷᠢᠳᠠᠢ ᠪᠠᠶᠢᠬᠤ ᠬᠡᠷᠡᠭᠳᠡᠢ᠂ ᠨᠠᠮᠤᠭ ᠭᠠᠵᠠᠷ ᠪᠤᠯᠤᠨ | ᠴᠢᠬᠢᠭᠳᠡᠢ ᠭᠠᠵᠠᠷ ᠲᠤ ᠬᠤᠭ ᠢ ᠪᠤᠯᠠᠬᠤ ᠳᠠᠯᠠᠪᠤᠷ ᠪᠠᠶᠢᠭᠤᠯᠬᠤ ᠨᠢ ᠳᠤᠬᠢᠷᠠᠮᠵᠢ ᠦᠭᠡᠢ᠃ | 6. ᠪᠤᠯᠠᠬᠤ ᠳᠠᠯᠠᠪᠤᠷ ᠢᠶᠠᠨ ᠦᠶᠡᠷ ᠲᠠᠢ ᠭᠠᠵᠠᠷ᠂ ᠴᠢᠯᠠᠭᠤᠯᠢᠭ ᠨᠤᠷᠠᠬᠤ ᠭᠠᠵᠠᠷ᠂ ᠢᠪᠡᠷᠡᠬᠦ ᠭᠠᠵᠠᠷ ᠪᠤᠯᠤᠨ | ᠠᠭᠤᠯᠠ ᠨᠤᠷᠠᠬᠤ ᠠᠶᠤᠯ ᠲᠠᠢ ᠭᠠᠵᠠᠷ ᠤᠷᠤᠨ ᠳᠤ ᠪᠠᠶᠢᠷᠢᠰᠢᠭᠤᠯᠵᠤ ᠪᠤᠯᠬᠤ ᠦᠭᠡᠢ᠃ | |