ᠳᠠᠷᠢᠶᠠᠯᠠᠩ ᠤᠨ ᠡᠮ ᠤᠨ ᠱᠤᠰᠢᠭ᠎ᠠ ᠶᠢ ᠤᠨᠤᠪᠴᠢᠳᠠᠢ ᠳᠠᠨᠢᠬᠤ ᠠᠷᠭ᠎ᠠ
ᠨᠡᠶᠢᠲᠡᠯᠡᠭᠰᠡᠨ ᠴᠠᠭ᠄
2019-01-03
    ᠨᠢᠭᠡ᠂ ᠬᠢᠷᠢ ᠳᠡᠩᠴᠡᠭᠰᠡᠨ ᠳᠠᠷᠢᠶᠠᠯᠠᠩ ᠤᠨ ᠡᠮ ᠤᠨ ᠱᠤᠰᠢᠭ᠎ᠠ ᠶᠢᠨ ᠡᠷᠬᠡᠪᠰᠢ ᠪᠦᠷᠢᠨ ᠪᠠᠭᠳᠠᠭᠠᠬᠤ ᠠᠭᠤᠯᠭ᠎ᠠ1. ᠳᠠᠷᠢᠶᠠᠯᠠᠩ ᠤᠨ ᠡᠮ ᠤᠨ ᠨᠡᠷ᠎ᠡ᠄ ᠠᠰᠢᠭᠳᠤ ᠪᠦᠷᠢᠯᠳᠦᠭᠦᠨ ᠤ ᠨᠡᠶᠢᠳᠡᠮ ᠬᠡᠷᠡᠭᠯᠡᠬᠦ ᠨᠡᠷ᠎ᠡ᠂ ᠡᠮ ᠤᠨ ᠵᠠᠭᠤᠨ ᠤ ᠬᠠᠷᠢᠴᠠᠯ ᠪᠠ ᠡᠮ ᠤᠨ ᠬᠡᠯᠪᠡᠷᠢ᠃ ᠭᠠᠳᠠᠭᠠᠳᠤ ᠠᠴᠠ ᠤᠷᠤᠭᠤᠯᠤᠭᠰᠠᠨ ᠳᠠᠷᠢᠶᠠᠯᠠᠩ ᠤᠨ ᠡᠮ ᠳᠤ ᠬᠢᠳᠠᠳ ᠳᠠᠸᠠᠷ ᠤᠨ ᠨᠡᠷ᠎ᠡ ᠪᠠᠶᠢᠬᠤ ᠦᠭᠡᠢ᠃2. ︽ᠭᠤᠷᠪᠠᠨ ᠦᠨᠡᠮᠯᠡᠯ︾ ᠤᠨ ᠨᠤᠮᠧᠷ᠄ ᠳᠠᠷᠢᠶᠠᠯᠠᠩ ᠤᠨ ᠡᠮ ᠤᠨ ᠳᠠᠩᠰᠠᠯᠠᠭᠤᠯᠤᠭᠰᠠᠨ ᠨᠤᠮᠧᠷ᠂ ᠦᠢᠯᠡᠳᠪᠦᠷᠢᠯᠡᠬᠦ ᠶᠢ ᠵᠦᠪᠰᠢᠶᠡᠷᠡᠭᠰᠡᠨ ᠨᠤᠮᠧᠷ᠂ ᠪᠦᠳᠦᠭᠡᠭᠳᠡᠭᠦᠨ ᠤ ᠪᠠᠷᠢᠮᠵᠢᠶᠠᠳᠤ ᠦᠨᠡᠮᠯᠡᠯ ᠤᠨ ᠨᠤᠮᠧᠷ᠃3. ᠴᠤᠯ ᠬᠦᠨᠳᠤ ︵ᠭᠷᠡᠮ · ᠺᠢᠯᠦᠭᠷᠡᠮ︶ ᠪᠤᠶᠤ ᠴᠤᠯ ᠪᠠᠭᠳᠠᠭᠠᠮᠵᠢ ︵ᠮᠢᠯᠢᠯᠢᠳ᠋ᠷ · ᠯᠢᠳ᠋ᠷ︶᠃4. ᠳᠠᠷᠢᠶᠠᠯᠠᠩ ᠤᠨ ᠡᠮ ᠤᠨ ᠦᠢᠯᠡᠳᠪᠦᠷᠢ ᠶᠢᠨ ᠨᠡᠷ᠎ᠡ᠂ ᠬᠠᠶ᠋ᠢᠭ᠂ ᠰᠢᠤᠳᠠᠨ ᠨᠤᠮᠧᠷ ᠪᠠ ᠬᠠᠷᠢᠯᠴᠠᠬᠤ ᠤᠳᠠᠰᠤ᠃5. ᠳᠤᠳᠤᠷᠬᠠᠢᠢᠯᠠᠯᠳᠠ ᠶᠢᠨ ᠪᠢᠴᠢᠭ᠄ ᠬᠡᠷᠡᠭᠯᠡᠵᠤ ᠪᠤᠯᠬᠤ ᠳᠠᠷᠢᠮᠠᠯ ᠤᠨ ᠨᠡᠷᠡᠰ ᠤᠨ ᠵᠢᠭᠰᠠᠭᠠᠯᠳᠠ᠂ ᠰᠡᠷᠭᠡᠶᠢᠯᠡᠨ ᠵᠠᠰᠠᠬᠤ ᠳᠤ ᠳᠤᠬᠢᠷᠠᠬᠤ ᠡᠪᠡᠳᠴᠢᠨ᠂ ᠡᠮ ᠬᠡᠷᠡᠭᠯᠡᠬᠦ ᠬᠤᠭᠤᠴᠠᠭ᠎ᠠ᠂ ᠬᠡᠷᠡᠭᠯᠡᠬᠦ ᠡᠮ ᠤᠨ ᠬᠡᠮᠵᠢᠶ᠎ᠡ ᠪᠠ ᠬᠡᠷᠡᠭᠯᠡᠬᠦ ᠠᠷᠭ᠎ᠠ ᠪᠠᠷᠢᠯ ᠵᠡᠷᠭᠡ᠃6. ᠬᠤᠤᠷᠳᠤ ᠴᠢᠨᠠᠷ ᠤᠨ ᠳᠡᠮᠳᠡᠭ ᠵᠢᠴᠢ ᠠᠩᠬᠠᠷᠬᠤ ᠵᠦᠢᠯ᠄ ᠬᠤᠤᠷᠳᠤ ᠴᠢᠨᠠᠷ ᠤᠨ ᠳᠡᠰ᠂ ᠬᠤᠤᠷᠳᠠᠯ ᠤᠨ ᠢᠯᠡᠷᠡᠯ ᠪᠠ ᠪᠠᠴᠢᠮ ᠠᠪᠤᠷᠠᠬᠤ ᠠᠷᠭ᠎ᠠ ᠬᠡᠮᠵᠢᠶ᠎ᠡ᠃7. ᠦᠢᠯᠡᠳᠪᠦᠷᠢᠯᠡᠭᠰᠡᠨ ᠬᠤᠭᠤᠴᠠᠭ᠎ᠠ᠃8. ᠳᠠᠷᠢᠶᠠᠯᠠᠩ ᠤᠨ ᠡᠮ ᠤᠨ ᠳᠦᠷᠦᠯ ᠵᠦᠢᠯ᠃     ᠬᠤᠶᠠᠷ᠂ ᠦᠩᠭᠡᠳᠤ ᠪᠦᠰᠠ ᠶᠢ ᠢᠯᠭᠠᠨ ᠳᠠᠨᠢᠬᠤ    ᠳᠠᠷᠢᠶᠠᠯᠠᠩ ᠤᠨ ᠡᠮ ᠤᠨ ᠱᠤᠰᠢᠭ᠎ᠠ ᠶᠢ ᠬᠠᠮᠤᠭ ᠳᠤᠤᠷ᠎ᠠ ᠬᠡᠰᠡᠭ ᠪᠤᠶᠤ ᠰᠠᠭᠤᠷᠢ ᠬᠦᠪᠡᠭᠡᠨ ᠳᠠᠬᠢ ᠬᠦᠨᠳᠡᠯᠡᠨ ᠵᠤᠷᠪᠤᠰ ᠦᠩᠭᠡᠳᠤ ᠪᠦᠰᠠ ᠨᠢ ᠤᠯᠠᠭᠠᠨ ᠪᠤᠯ ᠬᠤᠷᠤᠬᠠᠢ ᠠᠯᠠᠬᠤ ᠡᠮ᠂ ᠨᠤᠭᠤᠭᠠᠨ ᠪᠤᠯ ᠡᠪᠡᠰᠤ ᠠᠷᠢᠯᠭᠠᠬᠤ ᠡᠮ᠂ ᠬᠠᠷ᠎ᠠ ᠪᠤᠯ ᠪᠠᠺᠲᠧᠷᠢ ᠠᠯᠠᠬᠤ ᠡᠮ᠂ ᠬᠦᠬᠡ ᠪᠤᠯ ᠬᠤᠯᠤᠭᠠᠨ᠎ᠠ ᠠᠯᠠᠬᠤ ᠡᠮ᠂ ᠰᠢᠷᠭᠠᠯ ᠪᠤᠯ ᠤᠷᠭᠤᠮᠠᠯ ᠤᠨ ᠦᠰᠦᠯᠳᠡ ᠶᠢ ᠳᠤᠬᠢᠷᠠᠭᠤᠯᠬᠤ ᠡᠮ ᠮᠦᠨ᠃ᠭᠤᠷᠪᠠ᠂ ᠬᠤᠤᠷᠳᠤ ᠴᠢᠨᠠᠷ ᠢ ᠢᠯᠡᠳᠭᠡᠭᠰᠡᠨ ᠱᠤᠰᠢᠭ᠎ᠠ ᠶᠢ ᠢᠯᠭᠠᠨ ᠳᠠᠨᠢᠬᠤ     ᠮᠠᠨ ᠤ ᠤᠯᠤᠰ ᠤᠨ ᠳᠠᠷᠢᠶᠠᠯᠠᠩ ᠤᠨ ᠡᠮ ᠤᠨ ᠬᠤᠤᠷᠳᠤ ᠴᠢᠨᠠᠷ ᠢ ᠭᠤᠷᠪᠠᠨ ᠳᠡᠰ ᠬᠤᠪᠢᠶᠠᠨ᠎ᠠ᠄ ᠳᠤᠬᠠᠢᠢᠯᠠᠪᠠᠯ ᠦᠨᠳᠦᠷ ᠬᠤᠤᠷᠳᠤ᠂ ᠳᠤᠮᠳᠠ ᠶᠢᠨ ᠬᠤᠤᠷᠳᠤ᠂ ᠳᠤᠤᠷ᠎ᠠ ᠬᠤᠤᠷᠳᠤ ᠪᠤᠯᠤᠨ᠎ᠠ᠃ ᠦᠨᠳᠦᠷ ᠬᠤᠤᠷᠳᠤ ᠳᠠᠷᠢᠶᠠᠯᠠᠩ ᠤᠨ ᠡᠮ ᠤᠨ ᠱᠤᠰᠢᠭ᠎ᠠ ᠶᠢᠨ ᠳᠡᠭᠡᠷ᠎ᠡ ᠤᠯᠠᠭᠠᠨ ᠦᠰᠦᠭ ᠢᠶᠠᠷ ︽ᠦᠨᠳᠦᠷ ᠬᠤᠤᠷᠳᠤ ᠪᠤᠶᠤ ᠳᠦᠢᠯ ᠤᠨ ᠬᠤᠤᠷᠳᠤ︾ ᠭᠡᠵᠤ᠂ ᠳᠤᠮᠳᠠ ᠵᠡᠷᠭᠡ ᠶᠢᠨ ᠬᠤᠤᠷᠳᠤ ᠳᠠᠷᠢᠶᠠᠯᠠᠩ ᠤᠨ ᠡᠮ ᠤᠨ ᠱᠤᠰᠢᠭ᠎ᠠ ᠳᠡᠭᠡᠷ᠎ᠡ ᠤᠯᠠᠨᠭᠠ ᠦᠰᠦᠭ ᠢᠶᠠᠷ ︽ᠳᠤᠮᠳᠠ ᠶᠢᠨ ᠬᠤᠤᠷᠳᠤ︾ ᠭᠡᠵᠤ᠂ ᠳᠤᠤᠷ᠎ᠠ ᠬᠤᠤᠷᠳᠤ ᠳᠠᠷᠢᠶᠠᠯᠠᠩ ᠤᠨ ᠡᠮ ᠤᠨ ᠱᠤᠰᠢᠭ᠎ᠠ ᠶᠢᠨ ᠳᠡᠭᠡᠷ᠎ᠡ ᠤᠯᠠᠭᠠᠨ ᠦᠰᠦᠭ ᠢᠶᠠᠷ ︽ᠳᠤᠤᠷ᠎ᠠ ᠬᠤᠤᠷᠳᠤ︾ ᠭᠡᠵᠤ ᠪᠢᠴᠢᠵᠤ ᠢᠯᠡᠳᠭᠡᠳᠡᠭ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号