ᠮᠣᠩᠭᠤᠯ ᠦᠰᠦᠭ ᠤᠨ ᠢᠷᠡᠯᠳᠡ
ᠨᠡᠶᠢᠲᠡᠯᠡᠭᠰᠡᠨ ᠴᠠᠭ᠄
2020/12/15
      ᠮᠤᠩᠭᠤᠯᠴᠤᠳ ᠪᠤᠰᠤᠭ᠎ᠠ ᠪᠢᠴᠢᠭ ᠲᠡᠭᠡᠨ ᠵᠤᠬᠢᠴᠠᠭᠤᠯᠵᠤ ᠦᠵᠦᠭ ᠭᠡᠷᠡᠭᠯᠡᠵᠤ ᠪᠠᠶᠢᠭᠰᠨᠨ ᠭᠡᠳᠡᠭ ᠢ ᠶᠠᠭᠤᠨ ᠤ ᠡᠮᠤᠨ᠎ᠡ ᠲᠡᠭᠷᠢ ᠰᠢᠳᠤᠯᠭᠡ ᠶᠢᠨ ᠦᠵᠡᠯ ᠠᠴᠠ ᠪᠤᠢ ᠪᠤᠯᠤᠭᠰᠠᠨ ᠪᠤᠰᠤᠭ᠎ᠠ ᠲᠡᠩᠭᠡᠯᠢᠭ ᠤᠨ ᠴᠤᠭᠴᠠᠳᠤ ᠰᠡᠳᠬᠢᠬᠦᠢ ᠠᠴᠠ ᠨᠢ ᠲᠠᠨᠢᠨ ᠮᠡᠳᠡᠷᠠᠵᠤ ᠪᠤᠯᠤᠨ᠎ᠠ᠃ ᠮᠤᠩᠭᠤᠯ ᠦᠰᠦᠭ ᠪᠤᠯ ᠠᠮᠢ ᠲᠠᠢ ᠪᠤᠰᠤᠭ᠎ᠠ ᠴᠤᠭᠴᠨ ᠶᠤᠮ᠃ ᠲᠢᠳᠢᠮ᠂ ᠲᠤᠯᠤᠭᠠᠢ᠂ ᠰᠢᠳᠤ᠂ ᠨᠢᠷᠤᠭᠤ᠂ ᠭᠡᠳᠡᠰᠤ᠂ ᠰᠢᠯᠪᠢ᠂ ᠰᠡᠬᠦᠯ ᠭᠡᠮᠡᠨ ᠠᠮᠢ ᠲᠠᠢ ᠡᠷᠭᠡᠳᠡᠨ ᠢᠶᠠᠷ ᠨᠡᠷᠡᠯᠡᠬᠦ ᠪᠠ ᠲᠡᠭᠡᠷ᠎ᠡ ᠠᠴᠠ ᠲᠤᠷᠤᠭᠰᠢ ᠭᠤᠯᠳᠤ ᠪᠠᠷ ᠪᠢᠴᠢᠵᠤ ᠲᠡᠭᠷᠢ ᠭᠠᠵᠠᠷ ᠬᠦᠮᠤᠨ ᠠᠮᠢᠳᠠᠨ ᠤ ᠨᠢᠭᠡᠳᠤᠯ ᠢ ᠲᠤᠳᠤᠷᠬᠠᠢ ᠢᠯᠡᠷᠭᠡᠶᠢᠯᠠᠵᠤ ᠪᠠᠶᠢᠳᠠᠭ᠃ ᠵᠦᠪᠭᠡᠨ ︽ᠬᠠᠨ︾ ᠭᠡᠳᠡᠭ ᠦᠭᠡ ᠶᠢᠨ ᠡᠷᠳᠡᠨ ᠤ ᠪᠢᠴᠢᠯᠭᠡ ᠪᠠᠷ ᠦᠵᠡᠪᠡᠯ᠂ ᠲᠡᠭᠷᠢ ᠠᠴᠠ ᠤᠯᠪᠠᠭ᠎ᠠ ᠲᠠᠢ ᠡᠨᠡ ᠦᠰᠦᠭ ᠲᠡᠬᠦᠨ ᠤ ︽‍ᠨ︾ ᠭᠡᠰᠡᠨ ᠵᠢᠷᠤᠯᠭᠠᠳᠤ ᠰᠡᠬᠦᠯ ᠢᠶᠠᠷ ᠢᠶᠠᠨ ᠲᠤᠯᠭᠠᠭᠤᠷᠢ ᠪᠤᠯᠭᠠᠵᠤ ᠲᠡᠭᠷᠢ ᠶᠢᠨ ᠪᠤᠱᠤᠭ ᠭᠠᠵᠠᠷ ᠤᠨ ᠡᠰᠢ ᠶᠢ ᠬᠤᠯᠪᠤᠵᠤ ᠪᠠᠶᠢᠬᠤ ᠪᠠᠷ ᠪᠡᠯᠭᠡᠳᠡᠵᠠᠢ᠃ ᠡᠷᠳᠡᠨ ᠤ ᠮᠤᠩᠭᠤᠯ ᠦᠰᠦᠭ ᠤᠨ ᠤᠷᠤᠭᠰᠢ ᠬᠤᠶᠢᠰᠢ ᠪᠢᠴᠢᠭᠳᠡᠬᠦ ᠰᠠᠬᠦᠯ ᠢ ᠴᠦᠮ ᠵᠤᠬᠢᠬᠤ ᠭᠡᠮᠵᠢᠶ᠎ᠡ ᠪᠠᠷ ᠲᠤᠷᠤᠭᠰᠢ ᠰᠤᠩᠭᠠᠨ ᠲᠠᠳᠠᠨ᠎ᠠ᠃ ᠡᠨᠡ ᠢᠯᠡᠷᠭᠡᠶᠢᠯᠡᠯ ᠢ ᠵᠠᠪᠠᠯ ᠬᠠᠳᠠᠭᠤ ᠮᠠᠲ᠋ᠧᠷᠢᠶᠠᠯ ᠢᠶᠠᠷ ᠬᠢᠭᠰᠡᠨ ᠦᠵᠦᠭ ᠢᠶᠠᠷ ᠪᠢᠴᠢᠵᠤ ᠪᠡᠶᠡᠯᠡᠭᠳᠡᠬᠦᠯᠬᠦ ᠶᠢ ᠱᠠᠭᠠᠷᠳᠠᠬᠤ ᠠᠵᠢ᠃ ᠲᠠᠷᠠᠭ᠎ᠠ ᠨᠢ᠂ ᠠᠪᠢᠶᠠᠨ ᠤ ᠲᠡᠮᠳᠡᠭ ᠤᠨ ᠤᠨᠴᠠᠭᠠᠢ ᠰᠤᠩᠭᠤᠯᠳᠠ ᠠᠴᠠ ᠭᠠᠳᠠᠨ᠎ᠠ ᠪᠢᠴᠢᠯᠭᠡ ᠶᠢᠨ ᠭᠡᠯᠪᠡᠷᠢ ᠨᠢ ᠴᠦ ᠤᠳᠤ ᠶᠢᠨ ᠪᠢᠴᠢᠯᠭᠡ ᠠᠴᠠ ᠦᠭᠡᠷ᠎ᠡ ᠦᠨᠳᠤᠰᠤᠨ ᠲᠤᠭᠳᠠᠯᠴᠠᠭ᠎ᠠ ᠲᠠᠢ ᠪᠠᠶᠢᠳᠠᠭ ᠨᠢ ᠦᠵᠦᠭ ᠲᠠᠢ ᠰᠢᠭᠤᠳ ᠬᠤᠯᠪᠤᠭᠳᠠᠯᠳᠠᠢ ᠠᠴᠠ ᠪᠤᠯᠵᠠᠢ᠃ ᠵᠢᠱᠢᠶᠡᠯᠡᠪᠠᠯ᠂ ︽ᠠ᠂ ᠪᠠ᠂ ᠬᠠ᠂ ᠭᠡ᠂ ᠯᠠ᠂ ᠮᠠ᠂ ᠳ᠋ᠠ᠂ ᠵᠠ᠂ ᠢ᠂ ᠤ᠂ ‍ᠠ᠂ ‍ᠪ︾ ᠮᠡᠳᠤ ᠶᠢᠨ ᠦᠰᠦᠭᠯᠡᠪᠤᠷᠢ ᠶᠢ ᠪᠢᠴᠢᠬᠦ ᠠᠷᠭ᠎ᠠ ᠳᠤ ᠠᠴᠤᠭ ᠪᠤᠯ ᠦᠨᠳᠤᠰᠤᠨ ᠳᠡᠭᠡᠨ ᠭᠡᠪᠳᠡᠭᠡ ᠴᠢᠭᠯᠡᠯ ᠳᠤ ᠪᠢᠴᠢᠭᠳᠡᠳᠡᠭ᠂ ︽ᠮᠠ᠂ ᠯᠠ︾ ᠶᠢᠨ ᠭᠡᠵᠢᠭᠡ ᠡᠪᠡᠷ ᠨᠢ ᠴᠦ ᠲᠡᠭᠰᠢ ᠦᠨᠴᠦᠭ ᠲᠠᠢ᠂ ᠤᠨᠴᠠᠭᠠᠶᠢᠯᠠᠨ ︽ ᠶᠢᠨ︾ ᠢ ᠪᠢᠴᠢᠬᠦ ᠳᠤ ᠤᠷᠳᠤ ᠰᠢᠯᠪᠢ ᠶᠢ ᠤᠳᠤ ᠶᠢᠨ ᠮᠡᠳᠤ ᠵᠡᠬᠦᠨ ᠤᠷᠤᠭᠰᠢ ᠭᠤᠯᠭᠤᠭᠤᠯᠬᠤ ᠪᠢᠰᠢ᠂ ᠬᠠᠷᠢᠨ ᠵᠡᠬᠦᠨ ᠲᠠᠰᠢᠭᠤ ᠠᠴᠠ ᠪᠠᠷᠠᠭᠤᠨᠰᠢ ᠦᠭᠡᠳᠡᠯᠡᠬᠦᠯᠦᠨ ᠨᠢᠷᠤᠭᠤ ᠬᠦᠷᠭᠡᠭᠡᠳ᠂ ᠰᠡᠬᠦᠯ ︵ᠤᠷᠬᠢᠴᠨ ᠶᠢ︶ ᠢ ᠨᠢ ᠴᠦ ᠠᠷᠤᠭᠰᠢ ᠤᠷᠬᠢᠬᠤ ᠶᠢ ᠴᠢᠬᠤᠯᠠᠴᠢᠯᠠᠬᠤ ᠪᠢᠰᠢ᠂ ᠬᠠᠷᠢᠨ ᠲᠤᠰ ᠪᠦᠷᠢ ᠲᠤᠷᠤᠭᠰᠢ ᠲᠠᠳᠠᠵᠤ ᠭᠠᠷᠭᠠᠳᠠᠭ ᠤᠨᠴᠠᠯᠢᠭ ᠲᠠᠢ ᠪᠠᠶᠢᠨ᠎ᠠ᠃ ᠡᠨᠡ ᠨᠢ ᠠᠶᠠᠨᠳᠠᠭᠠᠨ ᠦᠵᠦᠭ ᠤᠨ ᠪᠢᠴᠢᠯᠭᠡ ᠳᠤ ᠲᠤᠬᠢᠷᠠᠵᠤ ᠪᠠᠶᠢᠨ᠎ᠠ᠃        ︵︽ᠮᠤᠩᠭᠤᠯ ᠭᠡᠯᠡ ᠪᠢᠴᠢᠭ︾ ᠰᠡᠳᠬᠦᠯ ᠤᠨ 2017 ᠤᠨ ᠤ ᠲᠠᠪᠤᠳᠤᠭᠠᠷ ᠬᠤᠭᠤᠴᠠᠭ᠎ᠠ ᠳᠤ ᠨᠡᠶᠢᠳᠡᠯᠡᠭᠳᠡᠭᠰᠠᠨ ᠵᠤᠬᠢᠶᠠᠯ ᠤᠨ ᠡᠮᠤᠨᠡᠭᠢ ᠭᠡᠰᠡᠭ ᠠᠴᠠ ᠰᠢᠯᠵᠢᠬᠦᠯᠤᠨ ᠠᠪᠤᠪᠠ︶ ︵ᠵᠤᠬᠢᠶᠠᠭᠰᠠᠨ ᠨᠢ᠄ ᠢ᠊᠂ ᠰᠤᠶᠤᠯᠳᠤ᠂ ᠭᠠᠷᠳᠠᠨ ᠨᠠᠶᠢᠷᠠᠭᠤᠯᠤᠭᠰᠠᠨ ᠨᠢ᠄ ᠯᠤᠪᠰᠠᠩᠳᠤᠩᠷᠤᠪ︶ ᠵᠡᠬᠦᠯᠳᠡ᠄ ︵1︶ ᠪ᠊᠂ ᠷᠢᠨᠴᠢᠨ᠄ ︽ᠮᠤᠩᠭᠤᠯ ᠪᠢᠴᠢᠭ ᠤᠨ ᠭᠡᠯᠡᠨ ᠤ ᠵᠦᠢ︾᠂ ︽ᠦᠪᠤᠷ ᠮᠤᠩᠭᠤᠯ ᠤᠨ ᠠᠷᠠᠳ ᠤᠨ ᠭᠡᠪᠯᠡᠯ ᠤᠨ ᠬᠤᠷᠢᠶ᠎ᠠ᠂ 1992 ᠤᠨ᠃ ︵2︶ ᠽᠠᠨᠳᠠᠷ᠎ᠠ᠂ ᠲᠤᠭᠳᠠᠬᠤ᠄ ︽ᠠᠯᠠᠱᠨ ᠶᠢᠨ ᠮᠤᠩᠭᠤᠯ ᠤᠷᠠᠨ ᠪᠢᠴᠢᠯᠭᠡ︾ ︵ᠲᠤᠰ ᠨᠤᠮ ᠳᠤ ᠤᠷᠤᠭᠰᠠᠨ ᠳ᠋᠊᠂ ᠪᠠᠨᠳᠠᠯᠠᠢ᠂ ᠲᠠᠯᠠᠢ ᠶᠢᠨ ︽ᠠᠯᠠᠱᠨ ᠶᠢᠨ ᠦᠰᠤᠨ ᠪᠢᠷ ᠤᠨ ᠮᠤᠩᠭᠤᠯ ᠪᠢᠴᠢᠯᠭᠡ ᠶᠢᠨ ᠡᠬᠦᠰᠤᠯ ᠬᠦᠭᠵᠢᠯ ᠤᠨ ᠲᠤᠬᠠᠢ ᠲᠤᠬᠳᠠᠮ ᠰᠢᠨᠵᠢᠬᠦ ᠨᠢ︾ ᠭᠡᠳᠡᠭ ᠦᠬᠦᠯᠡᠯ ᠳᠤ︶᠂ ᠦᠪᠤᠷ ᠮᠤᠩᠭᠤᠯ ᠤᠨ ᠠᠷᠠᠳ ᠤᠨ ᠭᠡᠪᠯᠡᠯ ᠤᠨ ᠬᠤᠷᠢᠶ᠎ᠠ᠂ 2010 ᠤᠨ᠃ ︵3︶᠂ ᠭᠧ ᠤᠳᠬᠤᠨᠬᠤᠸᠠᠷ᠂ ᠲᠠᠩ ᠨᠠᠶᠢᠷᠠᠮᠳᠠᠯ᠄ ︽ᠲᠡᠭᠷᠢᠯᠢᠭ ᠰᠤᠶᠤᠯ ᠤᠨ ᠵᠦᠢᠯ ᠤᠨ ᠮᠦᠷ︾᠂ ᠦᠪᠤᠷ ᠮᠤᠩᠭᠤᠯ ᠤᠨ ᠠᠷᠠᠳ ᠤᠨ ᠭᠡᠪᠯᠡᠯ ᠤᠨ ᠬᠤᠷᠢᠶ᠎ᠠ᠂ 2015 ᠤᠨ᠃    ︵4︶ ︵5︶ ᠨᠠ᠊᠂ ᠪᠠᠳᠤᠵᠢᠷᠭᠠᠯ᠄ ︽ᠮᠤᠩᠭᠤᠯ ᠨᠤᠮ ᠭᠡᠪᠯᠡᠯ ᠤᠨ ᠲᠡᠤᠭᠡ ᠪᠠ ᠨᠤᠮ ᠤᠨ ᠰᠤᠶᠤᠯ︾᠂ ︽ᠰᠢᠨᠵᠢᠯᠡᠬᠦ ᠤᠬᠠᠭᠠᠨ ᠠᠮᠢᠳᠤᠷᠠᠯ︾ ᠰᠡᠳᠬᠦᠯ᠂ 2006 ᠤᠨ ᠤ 6 ᠳ᠋ᠤᠭᠠᠷ ᠬᠤᠭᠤᠴᠠᠭ᠎ᠠ᠃ ︵6︶ ᠸᠠᠩ ᠬᠦᠢ ᠷᠦᠩ᠄ ︽ᠮᠤᠩᠭᠤᠯ ᠦᠰᠦᠭ ᠪᠢᠴᠢᠭ ᠤᠨ ᠪᠦᠳᠦᠴᠨ ᠶᠢᠨ ᠰᠤᠳᠤᠯᠤᠯ︾᠂ ᠯᠢᠶᠤᠤᠨᠢᠩ ᠤᠨ ᠦᠨᠳᠤᠰᠤᠳᠠᠨ ᠤ ᠭᠡᠪᠯᠡᠯ ᠤᠨ ᠬᠤᠷᠢᠶ᠎ᠠ᠂ 2012 ᠤᠨ᠃ ᠲᠤᠰ ᠨᠤᠮ ᠤᠨ ᠲᠠᠭᠠᠯᠳᠤᠭᠤᠯᠤᠭᠰᠠᠨ ᠵᠢᠷᠤᠭ ᠠᠴᠠ ᠡᠰᠢᠯᠡᠪᠡ
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号