ᠺᠤᠮᠫᠢᠦ᠋ᠲ᠋ᠧᠷ  ᠢ ᠵᠦᠪ ᠠᠰᠢᠭᠯᠠᠶ᠎ᠠ
ᠨᠡᠶᠢᠲᠡᠯᠡᠭᠰᠡᠨ ᠴᠠᠭ᠄
2019-01-29
ᠺᠤᠮᠫᠢᠦ᠋ᠲ᠋ᠧᠷ ᠤᠨ ᠰᠠᠴᠤᠷᠠᠯᠳᠠ ᠠᠴᠠ ᠭᠡᠷᠬᠢᠨ ᠰᠠᠷᠭᠡᠶᠢᠯᠠᠬᠦ ᠪᠤᠢ     ᠺᠤᠮᠫᠢᠦ᠋ᠲ᠋ᠧᠷ ᠭᠡᠷᠡᠭᠯᠡᠬᠦ ᠳᠤ ᠪᠠᠨ ᠴᠡᠭᠡᠨ ᠬᠦᠰᠢᠭᠡ ᠶᠢᠨ ᠭᠡᠷᠡᠯᠴᠡ ᠶᠢ ᠵᠤᠬᠢᠰᠳᠠᠢ ᠲᠠᠭᠠᠷᠠᠭᠤᠯᠬᠤ ᠭᠡᠷᠡᠭᠳᠠᠢ᠃ ᠡᠩ ᠤᠨ ᠪᠠᠶᠢᠳᠠᠯ ᠲᠤᠤᠷ᠎ᠠ ᠴᠡᠭᠡᠨ ᠬᠦᠰᠢᠭᠡ ᠶᠢᠨ ᠭᠡᠷᠡᠯᠴᠡ ᠨᠢ ᠭᠡᠳᠤᠢ ᠴᠢᠩᠭ᠎ᠠ ᠪᠤᠯ ᠴᠠᠬᠢᠯᠭᠠᠨ ᠰᠤᠷᠢᠨᠵᠢᠨ ᠤ ᠰᠠᠴᠤᠷᠠᠯᠳᠠ ᠲᠠᠳᠤᠢ ᠴᠢᠩᠭ᠎ᠠ ᠪᠠᠶᠢᠳᠠᠭ᠃ ᠴᠡᠭᠡᠨ ᠬᠦᠰᠢᠭᠡ ᠠᠴᠠ ᠲᠤᠬᠢᠷᠠᠮᠵᠢᠳᠠᠢ ᠵᠠᠶᠢᠳᠠᠢ ᠪᠠᠶᠢᠬᠤ ᠭᠡᠷᠡᠭᠳᠠᠢ᠃ ᠬᠠᠭᠠᠰ ᠮᠧᠳ᠋ᠷ ᠠᠴᠠ ᠢᠯᠠᠬᠦᠤ ᠵᠠᠶᠢᠳᠠᠢ ᠪᠠᠶᠢᠪᠠᠯ ᠲᠤᠬᠢᠷᠠᠮᠵᠢᠳᠠᠢ ᠶᠤᠮ᠃ ᠺᠤᠮᠫᠢᠦ᠋ᠲ᠋ᠧᠷ ᠢᠶᠠᠷ ᠠᠵᠢᠯᠯᠠᠭᠰᠠᠨ ᠤ ᠲᠠᠷᠠᠭ᠎ᠠ ᠴᠡᠪᠡᠷ ᠤᠰᠤ ᠪᠠᠷ ᠨᠢᠭᠤᠷ ᠢᠶᠠᠨ ᠤᠬᠢᠶᠠᠬᠤ ᠭᠡᠷᠡᠭᠳᠠᠢ᠃ ᠦᠭᠡᠢ ᠪᠤᠯ ᠨᠢᠭᠤᠷ ᠴᠢᠷᠠᠢ ᠳᠤ ᠴᠠᠬᠢᠯᠭᠠᠨ ᠰᠤᠷᠢᠨᠵᠢᠨ ᠪᠤᠬᠢᠷᠳᠤᠯ ᠡᠬᠦᠰᠭᠡᠵᠤ᠂ ᠠᠷᠠᠰᠤ ᠮᠢᠬᠠᠨ ᠳᠤ ᠬᠦᠨᠦᠭᠡᠯ ᠪᠤᠯᠳᠠᠭ᠃     ︽ᠰᠦᠯᠵᠢᠶᠠᠨ ᠤ ᠰᠢᠨᠤᠯ︾ ᠢ ᠲᠠᠶᠢᠯᠬᠤ ᠲᠤᠰᠬᠠᠢ ᠮᠠᠷᠭᠡᠵᠢᠯᠳᠠᠨ ᠤ ᠰᠠᠨᠠᠭᠤᠯᠭ᠎ᠠ      ᠭᠡᠤᠭᠡᠳ ᠤᠨ ︽ᠰᠦᠯᠵᠢᠶᠠᠨ ᠤ ᠰᠢᠨᠤᠯ︾ ᠤᠨ ᠠᠰᠠᠭᠤᠳᠠᠯ ᠢ ᠰᠢᠢᠳᠪᠤᠷᠢᠯᠠᠬᠦ ᠭᠡᠪᠡᠯ ᠵᠠᠪᠠᠯ ᠭᠡᠷ ᠪᠦᠯᠢ ᠶᠢᠨ ᠰᠤᠷᠭᠠᠨ ᠬᠦᠮᠦᠵᠢᠯ ᠠᠴᠠ ᠭᠠᠷᠳᠠᠬᠤ ᠭᠡᠷᠡᠭᠳᠠᠢ᠃ ᠶᠠᠭᠤᠨ ᠤ ᠡᠮᠤᠨ᠎ᠠ᠂ ᠭᠡᠷ ᠤᠨ ᠠᠬᠠᠮᠠᠳ ᠡᠯᠧᠺᠲᠷᠤᠠ ᠲᠤᠭᠯᠠᠭᠠᠮ ᠳᠤ ᠵᠦᠪ ᠤᠪᠤᠷ ᠢᠶᠠᠷ ᠬᠠᠨᠳᠤᠵᠤ᠂ ᠡᠨᠡ ᠪᠤᠯ ᠵᠦᠪᠭᠡᠨ ᠨᠢᠭᠡ ᠵᠦᠢᠯ ᠤᠨ ᠭᠡᠤᠭᠡᠳ ᠤᠨ ᠲᠤᠭᠯᠠᠭᠠᠮ ᠪᠤᠶᠤ ᠵᠤᠭ᠎ᠠ ᠴᠡᠩᠭᠡᠯ ᠤᠨ ᠠᠷᠭ᠎ᠠ ᠭᠡᠯᠪᠡᠷᠢ ᠭᠡᠳᠡᠭ ᠢ ᠲᠠᠨᠢᠬᠤ ᠭᠡᠷᠡᠭᠳᠠᠢ᠃ ᠬᠤᠶᠠᠷ ᠲᠤ᠂ ᠭᠡᠤᠭᠡᠳ ᠢ ᠬᠢᠴᠢᠶᠠᠯ ᠤᠨ ᠭᠠᠳᠠᠨᠠᠬᠢ ᠤᠩᠰᠢᠯᠭ᠎ᠠ ᠶᠢᠨ ᠤᠷᠮ᠎ᠠ ᠪᠠᠬ᠎ᠠ ᠲᠠᠢ ᠪᠤᠯᠭᠠᠪᠠᠯ ᠵᠤᠬᠢᠨ᠎ᠠ᠃ ᠭᠡᠤᠭᠡᠳ᠂ ᠲᠤᠮᠤ ᠬᠦᠮᠦᠨ ᠠᠯᠢ ᠨᠢ ᠴᠤ ᠭᠡᠰᠡᠨ ᠰᠤᠯᠠ ᠵᠠᠳᠠᠭᠠᠢ ᠪᠤᠯᠬᠤ ᠨᠢ ᠲᠤᠳᠤᠭᠠᠳᠤ ᠰᠠᠳᠬᠢᠯ ᠤᠨ ᠬᠢᠨᠢ ᠬᠤᠭᠤᠰᠤᠷᠠᠯ ᠪᠤᠶᠤ ᠶᠤᠰᠤ ᠰᠤᠷᠳᠠᠬᠤᠨ ᠤ ᠲᠤᠷᠦ᠋ᠢᠳᠠᠯ ᠲᠠᠢ ᠨᠢ ᠬᠤᠯᠪᠤᠭᠠᠳᠠᠢ ᠶᠤᠮ᠃ ᠭᠤᠷᠪᠠ ᠳᠤ᠂ ᠭᠡᠤᠭᠡᠳ ᠢ ᠦᠪᠡᠷ ᠢ ᠪᠠᠨ ᠬᠠᠮᠢᠶᠠᠷᠴᠤ ᠴᠢᠳᠠᠬᠤ ᠪᠤᠯᠭᠠᠬᠤ ᠭᠡᠷᠡᠭᠳᠠᠢ᠃ ᠡᠨᠡ ᠪᠤᠯ ᠵᠠᠩᠬᠢᠯᠠᠭ᠎ᠠ ᠶᠢᠨ ᠪᠦᠭᠡᠳ ᠬᠠᠮᠤᠭ ᠬᠦᠴᠢᠷ ᠵᠦᠢᠯ ᠶᠤᠮ᠃ ᠵᠤᠩᠬᠢᠯᠠᠬᠤ ᠤᠯᠠᠨ ᠰᠦᠯᠵᠢᠶᠠᠨ ᠤ ᠰᠢᠨᠤᠯ ᠲᠠᠢ ᠭᠡᠤᠭᠡᠳ ᠤᠨ ᠭᠡᠷ ᠤᠨ ᠠᠬᠠᠮᠠᠳ ᠤᠨ ᠬᠢᠨᠢ ᠨᠢᠭᠡᠨ ᠨᠠᠶᠢᠳᠡᠯᠢᠭ ᠰᠢᠨᠵᠢ ᠪᠤᠯ ᠭᠡᠤᠭᠡᠳ ᠢᠶᠠᠨ ᠬᠠᠮᠢᠶᠠᠷᠬᠤ ᠲᠤᠷᠠᠳᠠᠢ ᠪᠠᠶᠢᠵᠤ᠂ ᠲᠠᠰᠤᠷᠠᠯᠳᠠ ᠦᠭᠡᠢ ᠬᠢᠵᠠᠭᠠᠷᠯᠠᠬᠤ ᠨᠦᠬᠦᠴᠡᠯ ᠲᠤᠭᠳᠠᠭᠠᠵᠤ ᠦᠭᠳᠡᠭ ᠶᠠᠪᠤᠳᠠᠯ ᠶᠤᠮ᠃ᠺᠤᠮᠫᠢᠦ᠋ᠲ᠋ᠧᠷᠮᠡᠷᠭᠡᠨ ᠬᠦᠰᠢᠭᠡ ᠨᠠᠭᠡᠭᠡᠭᠳᠡᠵᠤ ᠪᠠᠶᠢᠨ᠎ᠠᠮᠡᠳᠡᠭᠡ ᠵᠠᠩᠬᠢ ᠪᠠᠨ ᠦᠭᠴᠤ ᠪᠠᠶᠢᠨ᠎ᠠᠮᠡᠳᠡᠭᠡᠴᠢᠨ ᠰᠢᠪᠠᠭᠤ ᠰᠢᠬ ᠱᠠᠭᠰᠢᠵᠤ ᠪᠠᠶᠢᠨ᠎ᠠᠮᠠᠨᠳᠤ ᠰᠠᠶᠢᠨ ᠢ ᠴᠢᠨᠢ ᠠᠰᠠᠭᠤᠵᠤ ᠪᠠᠶᠢᠨ᠎ᠠᠮᠡᠳᠡᠬᠦ ᠦᠭᠡᠢ ᠵᠦᠢᠯᠠᠰ ᠢ ᠴᠢᠨᠢ ᠭᠡᠯᠡᠵᠤ ᠪᠠᠶᠢᠨ᠎ᠠᠮᠠᠰᠢ ᠲᠦᠷᠭᠡᠨ ᠬᠠᠷᠢᠭᠤᠯᠵᠤ ᠪᠠᠶᠢᠨ᠎ᠠ᠃ᠪᠤᠳᠤᠬᠤ ᠲᠤᠭ᠎ᠠ ᠪᠦᠷᠢᠨ ᠪᠠᠶᠢᠨ᠎ᠠᠪᠤᠳᠤᠭᠳᠤ ᠵᠢᠷᠤᠭ ᠨᠢ ᠭᠤᠶᠤ ᠪᠠᠶᠢᠨ᠎ᠠᠤᠩᠰᠢᠬᠤ ᠨᠤᠮ ᠦᠯᠠᠮᠵᠢ ᠪᠠᠶᠢᠨ᠎ᠠᠤᠬᠠᠭᠠᠨ ᠰᠠᠨᠠᠭ᠎ᠠ ᠨᠢ ᠲᠠᠷᠭᠡᠯ ᠪᠠᠶᠢᠨ᠎ᠠᠪᠦᠬᠦᠳᠡ ᠮᠡᠳᠡᠯᠭᠡ ᠪᠦᠷ ᠪᠠᠶᠢᠨ᠎ᠠᠪᠦᠬᠦᠳᠡᠭᠡᠷ ᠵᠦᠢᠳᠠᠢ ᠭᠡᠷᠡᠭᠯᠡᠵᠡᠭᠡᠶ᠎ᠠ᠃ᠰᠦᠯᠵᠢᠶ᠎ᠠ ᠶᠢ ᠵᠦᠪ ᠭᠡᠷᠡᠭᠯᠡᠶ᠎ᠠ     ᠰᠦᠯᠵᠢᠶ᠎ᠠ ᠨᠢ ᠠᠷᠪᠢᠨ ᠨᠤᠮ ᠪᠢᠴᠢᠭ ᠪᠤᠶᠤ ᠮᠡᠳᠡᠭᠡ ᠵᠠᠩᠬᠢ ᠶᠢ ᠬᠠᠳᠠᠭᠠᠯᠠᠵᠤ ᠪᠠᠶᠢᠳᠠᠭ ᠲᠤᠯᠠ ᠦᠪᠡᠷ ᠤᠨ ᠴᠢᠬᠤᠯᠠᠳᠠᠢ ᠵᠦᠢᠯ ᠢᠶᠠᠨ ᠮᠠᠰᠢ ᠲᠦᠷᠭᠡᠨ ᠢᠶᠠᠷ ᠡᠷᠢᠨ ᠠᠰᠢᠭᠯᠠᠵᠤ ᠰᠤᠷᠤᠯᠴᠠᠵᠤ ᠪᠤᠯᠤᠨ᠎ᠠ᠃ ᠰᠦᠯᠵᠢᠶᠠᠨ ᠲᠡᠭᠡᠷ᠎ᠠ ᠰᠢᠤᠳᠠᠨ ᠤ ᠵᠦᠢᠯ ᠪᠤᠶᠤ ᠮᠡᠳᠡᠭᠡ ᠵᠠᠩᠬᠢ ᠶᠠᠪᠤᠭᠤᠯᠬᠤ ᠨᠢ ᠲᠦᠬᠦᠮ ᠮᠦᠷᠳᠡᠭᠡᠨ ᠲᠦᠷᠭᠡᠨ ᠪᠠᠶᠢᠳᠠᠭ᠃ ᠰᠦᠯᠵᠢᠶᠠᠨ ᠲᠡᠭᠡᠷ᠎ᠠ ᠮᠠᠰᠢ ᠤᠯᠠᠨ ᠲᠠᠸᠠᠷ ᠤᠨ ᠮᠠᠳᠡᠭᠡ ᠵᠠᠩᠬᠢ ᠪᠠᠶᠢᠬᠤ ᠲᠤᠯᠠ ᠭᠡᠷᠡᠭᠴᠡᠭᠡ ᠲᠠᠢ ᠲᠠᠸᠠᠷ ᠢᠶᠠᠨ ᠬᠤᠳᠠᠯᠳᠤᠨ ᠠᠪᠬᠤ ᠨᠢ ᠴᠠᠭ ᠲᠤ ᠭᠠᠮᠳᠠᠢ ᠪᠠᠶᠢᠳᠠᠭ᠃ ᠪᠠᠰᠠ ᠬᠤᠯᠠ ᠪᠠᠶᠢᠭ᠎ᠠ ᠰᠠᠳᠤᠨ ᠲᠦᠷᠦᠯ᠂ ᠨᠠᠶᠢᠵᠠ ᠨᠦᠬᠦᠳ ᠲᠠᠢ ᠪᠠᠨ ᠶᠠᠷᠢᠯᠴᠠᠨ ᠵᠤᠭᠤᠭᠳᠠᠬᠤ ᠪᠤᠶᠤ ᠶᠠᠭᠠᠷᠠᠵᠤ ᠪᠠᠶᠢᠭ᠎ᠠ ᠦᠶ᠎ᠠ ᠳᠤ ᠨᠢ ᠦᠭᠡ ᠦᠯᠡᠳᠡᠭᠡᠭᠰᠡᠨ ᠴᠤ ᠪᠤᠯᠳᠠᠭ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号