ᠬᠤᠷᠴᠢᠨ ᠡᠮᠡᠭᠳᠡᠶᠢᠴᠤᠳ ᠤᠨ ᠲᠤᠯᠤᠭᠠᠢ ᠶᠢᠨ ᠬᠤᠸᠠᠷ ᠵᠡᠭᠦᠭᠦ ᠵᠠᠩᠰᠢᠯ
ᠨᠡᠶᠢᠲᠡᠯᠡᠭᠰᠡᠨ ᠴᠠᠭ᠄
2020-06-15
    ᠮᠤᠩᠭᠤᠯ ᠬᠤᠪᠴᠠᠰᠤ ᠵᠠᠰᠠᠯ ᠤᠨ ᠰᠤᠶᠤᠯ ᠳᠤ ᠲᠤᠯᠤᠭᠠᠢ ᠶᠢᠨ ᠵᠠᠰᠠᠯ ᠪᠤᠯ ᠲᠤᠳᠠᠬᠳᠠᠵᠤ ᠪᠤᠯᠤᠰᠢ ᠦᠭᠡᠢ ᠴᠢᠬᠤᠯᠠ ᠪᠦᠷᠢᠯᠳᠤᠭᠦᠨ ᠬᠡᠰᠡᠭ ᠪᠤᠯᠳᠠᠭ᠃ ᠤᠨᠴᠠᠭᠠᠢᠢᠯᠠᠨ ᠮᠤᠩᠭᠤᠯ ᠡᠮᠡᠭᠳᠡᠶᠢᠴᠤᠳ ᠡᠷᠳᠠ ᠦᠶ᠎ᠠ ᠠᠴᠠ ᠲᠤᠯᠤᠭᠠᠢ ᠶᠢᠨ ᠵᠠᠰᠠᠯ ᠢ ᠡᠷᠬᠢᠮᠯᠡᠭᠰᠡᠭᠡᠷ ᠢᠷᠡᠵᠠᠢ᠃ ᠬᠡᠭᠦ ᠳᠤ ︽ᠭᠠᠵᠠᠷ ᠭᠠᠵᠠᠷ ᠤᠨ ᠵᠠᠩ᠂ ᠬᠦᠵᠡᠭᠡ ᠬᠦᠵᠡᠭᠡᠨ ᠤ ᠪᠤᠯᠤᠩ︾ ᠬᠡᠳᠡᠭᠴᠢᠯᠠᠨ ᠤᠷᠳᠤ ᠤᠳᠠᠭᠠᠨ ᠲᠡᠤᠭᠡ ᠶᠢᠨ ᠶᠠᠪᠤᠴᠠ ᠳᠤ᠂ ᠡᠯ᠎ᠠ ᠭᠠᠵᠠᠷ ᠤᠷᠤᠨ᠂ ᠠᠶᠢᠮᠠᠭ ᠪᠦᠯᠦᠭ ᠤᠨ ᠲᠤᠯᠤᠭᠠᠢ ᠶᠢᠨ ᠵᠠᠰᠠᠯ ᠵᠢᠮᠰᠡᠭ ᠨᠢ ᠪᠦᠳᠤᠴᠠ ᠪᠦᠷᠢᠯᠳᠤᠭᠦᠨ ᠠᠴᠠ ᠨᠠᠷᠠᠶᠢᠳᠤᠯ ᠳᠤ ᠬᠦᠷᠳᠠᠯ᠎ᠠ ᠪᠦᠷ ᠦᠪᠡᠷᠮᠢᠴᠠ ᠤᠨᠴᠠᠯᠢᠭ ᠲᠠᠢ ᠪᠠᠷ ᠬᠤᠪᠢᠷᠠᠵᠤ ᠬᠦᠭᠵᠢᠵᠤ ᠢᠷᠡᠵᠠᠢ᠃ ᠬᠤᠷᠴᠢᠨ ᠡᠮᠡᠭᠳᠡᠶᠢᠴᠤᠳ ᠤᠨ ᠲᠤᠯᠤᠭᠠᠢ ᠶᠢᠨ ᠵᠠᠰᠠᠯ ᠳᠤ ᠲᠠᠳᠠᠭᠤᠷ᠂ ᠬᠠᠳᠬᠤᠭᠤᠷ᠂ ᠤᠨᠵᠢᠯᠭ᠎ᠠ᠂ ᠲᠦᠡᠭᠽᠢ ᠤᠭ ᠤᠨ ᠪᠤᠭᠤᠯᠳᠠ ᠵᠡᠷᠭᠡ ᠪᠠᠶᠢᠵᠤ᠂ ᠪᠤᠰᠤᠳ ᠤᠷᠤᠨ ᠨᠤᠳᠤᠭ ᠠᠴᠠ ᠢᠯᠡᠳᠳᠠ ᠢᠯᠭᠠᠭ᠎ᠠ ᠲᠠᠢ ᠪᠠᠶᠢᠳᠠᠭ᠃ ᠡᠭᠦᠨ ᠳᠤ ᠲᠤᠯᠤᠭᠠᠢ ᠶᠢᠨ ᠬᠤᠸᠠᠷ ᠪᠤᠯ ᠬᠤᠷᠴᠢᠨ ᠡᠮᠡᠭᠳᠡᠶᠢᠴᠤᠳ ᠤᠨ ᠦᠪᠡᠷᠮᠢᠴᠠ ᠤᠨᠴᠠᠯᠢᠭ ᠲᠠᠢ ᠲᠤᠯᠤᠭᠠᠢ ᠶᠢᠨ ᠵᠠᠰᠠᠯ ᠤᠨ ᠨᠢᠭᠡ ᠪᠤᠯᠤᠨ᠎ᠠ᠃     ᠬᠤᠷᠴᠢᠨ ᠡᠮᠡᠭᠳᠡᠶᠢᠴᠤᠳ ᠲᠤᠯᠤᠭᠠᠢ ᠳᠠᠭᠠᠨ ᠬᠤᠸᠠᠷ ᠵᠡᠭᠦᠳᠡᠭ ᠵᠠᠩᠰᠢᠯ ᠲᠠᠢ᠃ ︽ᠬᠤᠷᠴᠢᠨ ᠤ ᠬᠡᠤᠭᠡᠨᠴᠤᠳ ᠵᠤᠨ ᠤ ᠴᠠᠭ ᠲᠤ ᠶᠡᠭᠡ ᠪᠠᠭ᠎ᠠ ᠬᠡᠰᠡᠨ ᠦᠭᠡᠢ ᠪᠦᠷ ᠭᠡᠭᠡᠷ᠎ᠠ ᠶᠢᠨ ᠬᠤᠸᠠᠷ ᠲᠡᠭᠦᠵᠤ ᠲᠤᠯᠤᠭᠠᠢ ᠲᠡᠭᠡᠷ᠎ᠠ ᠪᠠᠨ ᠵᠡᠭᠦᠳᠡᠭ ᠪᠠᠶᠢᠬᠰᠠᠨ ᠬᠡᠳᠡᠭ᠃ ᠬᠠᠷᠢᠨ ᠦᠭᠡᠷ᠎ᠠ ᠪᠤᠰᠤᠳ ᠦᠶ᠎ᠠ ᠪᠠᠷ ᠲᠤᠯᠤᠭᠠᠢ ᠳᠠᠭᠠᠨ ᠬᠢᠮᠠᠯ ᠬᠤᠸᠠᠷ ᠵᠡᠭᠦᠳᠡᠭ᠃ ᠬᠡᠭᠦ ᠳᠡᠭᠡᠨ ᠬᠡᠤᠭᠡᠨᠴᠤᠳ ᠤᠨ ᠲᠤᠯᠤᠭᠠᠢ ᠶᠢᠨ ᠬᠤᠸᠠᠷ ᠨᠢ ᠪᠡᠷᠢᠶᠠᠳ ᠤᠨ ᠬᠢ ᠶᠢ ᠪᠤᠳᠤᠪᠠᠯ ᠪᠠᠭ᠎ᠠ ᠮᠦᠷᠳᠡᠭᠡᠨ ᠲᠦᠭᠦᠮᠭᠡᠨ ᠪᠠᠶᠢᠳᠠᠭ ᠢᠶᠠᠷ ᠢᠶᠠᠨ ᠤᠨᠴᠠᠯᠢᠬᠳᠠᠨ᠎ᠠ︾᠃ ᠬᠤᠷᠴᠢᠨ ᠡᠮᠡᠭᠳᠡᠶᠢᠴᠤᠳ ᠤᠨ ᠵᠡᠭᠦᠳᠡᠭ ᠲᠤᠯᠤᠭᠠᠢ ᠶᠢᠨ ᠬᠤᠸᠠᠷ ᠲᠤ ᠰᠤᠷᠭᠤᠭ ᠴᠡᠴᠡᠭ ᠠᠴᠠ ᠭᠠᠳᠠᠨ᠎ᠠ ᠬᠢᠮᠠᠯ ᠬᠤᠸᠠᠷ ᠬᠡᠵᠤ ᠪᠠᠶᠢᠳᠠᠭ᠃ ᠬᠤᠷᠴᠢᠨ ᠳᠤ ᠬᠢᠮᠠᠯ ᠬᠤᠸᠠᠷ ᠢ ᠭᠤᠤᠯᠳᠠᠭᠤ ᠲᠤᠷᠭ᠎ᠠ ᠪᠠᠷ ᠬᠢᠳᠡᠭ᠃ ᠲᠠᠳᠠ ᠲᠤᠷᠭ᠎ᠠ ᠪᠠᠷ ᠵᠦᠢᠯ ᠤᠨ ᠴᠡᠴᠡᠭ ᠬᠤᠸᠠᠷ ᠬᠢᠳᠡᠭ᠃ ᠲᠤᠬᠠᠢᠢᠯᠠᠪᠠᠯ ᠮᠠᠨᠳᠡᠷᠠᠸ᠎ᠠ᠂ ᠯᠢᠩᠬᠸ᠎ᠡ᠂ ᠵᠠᠩᠰᠢᠯᠠᠢ ᠵᠡᠷᠭᠡ ᠬᠤᠸᠠᠷ ᠢ ᠬᠢᠵᠤ ᠲᠤᠯᠤᠭᠠᠢ ᠳᠠᠭᠠᠨ ᠵᠡᠭᠦᠳᠡᠭ᠃ ᠲᠤᠯᠤᠭᠠᠢ ᠶᠢᠨ ᠬᠤᠸᠠᠷ ᠢ ᠬᠢᠬᠦ ᠳᠤ ᠦᠡᠭᠭᠡ ᠬᠠᠷᠰᠢᠭᠤᠯᠳᠠᠭ ᠪᠤᠯᠪᠠᠴᠤ ᠤᠯᠠᠭᠠᠨ ᠦᠡᠭᠭᠡ ᠶᠢ ᠭᠤᠤᠯ ᠪᠤᠯᠭᠠᠵᠤ ᠪᠠᠶᠢᠳᠠᠭ᠃ ᠲᠤᠬᠠᠢᠢᠯᠠᠪᠠᠯ ᠤᠯᠠᠭᠠᠨ ᠴᠡᠴᠡᠭ ᠲᠤ ᠨᠤᠭᠤᠭᠠᠨ ᠨᠠᠪᠴᠢ ᠲᠠᠭᠠᠷᠠᠭᠤᠯᠬᠤ ᠮᠡᠳᠤ ᠪᠠᠷ ᠬᠢᠳᠡᠭ᠃ ᠡᠨᠡ ᠨᠢ ᠬᠤᠷᠴᠢᠨᠴᠤᠳ ᠤᠯᠠᠭᠠᠨ ᠦᠡᠭᠭᠡ ᠶᠢ ᠴᠤᠭ ᠵᠢᠪᠬᠤᠭ᠎ᠠ ᠲᠠᠢ ᠬᠡᠰᠢᠭ ᠲᠠᠭᠠᠯᠠᠮᠵᠢᠳᠠᠢ ᠬᠡᠵᠤ ᠬᠦᠨᠳᠤᠳᠭᠡᠨ ᠦᠵᠡᠳᠡᠭ ᠲᠠᠢ ᠬᠤᠯᠪᠤᠭ᠎ᠠ ᠲᠠᠢ ᠶᠤᠮ᠃ ᠬᠤᠷᠴᠢᠨ ᠳᠤ ᠲᠤᠯᠤᠭᠠᠢ ᠶᠢᠨ ᠬᠤᠸᠠᠷ ᠢ ᠦᠬᠢᠳ᠂ ᠪᠡᠷᠢᠶᠡᠳ ᠪᠦᠷ ᠵᠡᠭᠦᠳᠡᠭ ᠪᠤᠯᠪᠠᠴᠤ ᠬᠤᠭᠤᠷᠤᠨᠳᠤ ᠪᠠᠨ ᠪᠠᠰᠠ ᠢᠯᠭᠠᠭ᠎ᠠ ᠲᠠᠢ ᠪᠠᠶᠢᠳᠠᠭ᠃ ᠦᠬᠢᠨ ᠬᠦᠮᠤᠨ ᠵᠤᠨ ᠤ ᠴᠠᠭ ᠭᠡᠭᠡᠷ᠎ᠠ ᠶᠢᠨ ᠬᠤᠸᠠᠷ ᠵᠡᠭᠦᠵᠤ᠂ ᠪᠤᠰᠤᠳ ᠤᠯᠠᠷᠢᠯ ᠳᠤ ᠬᠢᠮᠠᠯ ᠬᠤᠸᠠᠷ ᠢ ᠵᠡᠭᠦᠳᠡᠭ᠃ ᠪᠡᠷᠢ ᠬᠦᠮᠤᠨ ᠪᠤᠯ ᠤᠯᠠᠩᠬᠢ ᠳᠠᠭᠠᠨ ᠬᠢᠮᠠᠯ ᠬᠤᠸᠠᠷ ᠵᠡᠭᠦᠳᠡᠭ ᠪᠦᠭᠡᠳ ᠪᠠᠷᠢ ᠬᠦᠮᠤᠨ ᠤ ᠵᠡᠭᠦᠭᠦ ᠬᠢᠮᠠᠯ ᠬᠤᠸᠠᠷ ᠨᠢ ᠦᠬᠢᠨ ᠬᠦᠮᠤᠨ ᠤ ᠬᠢ ᠶᠢ ᠪᠤᠳᠤᠪᠠᠯ ᠲᠤᠮᠤ ᠮᠦᠷᠳᠡᠭᠡᠨ ᠪᠦᠳᠤᠴᠠ ᠬᠢᠴᠠ ᠨᠢ ᠨᠠᠷᠢᠯᠢᠭ ᠪᠠᠶᠢᠳᠠᠭ᠃ ᠬᠤᠷᠴᠢᠨ ᠳᠤ᠂ ᠵᠠᠯᠠᠭᠤ ᠪᠠᠷᠢᠶᠠᠳ ᠨᠢ ᠤᠯᠠᠭᠠᠨ ᠨᠤᠭᠤᠭᠠᠨ ᠦᠡᠭᠭᠡ ᠢᠯᠭᠠᠷᠠᠬᠰᠠᠨ ᠬᠤᠸᠠᠷ ᠵᠡᠭᠦᠳᠡᠭ ᠪᠤᠯ ᠠᠬᠢᠮᠠᠭ ᠨᠠᠰᠤᠨ ᠤ ᠪᠦᠰᠡᠭᠦ᠋ᠢᠴᠤᠳ ᠨᠢ ᠬᠠᠷᠢᠨ ᠦᠡᠭᠭᠡ ᠨᠢ ᠪᠠᠭᠤᠷᠠᠶᠢᠪᠳᠤᠷ᠂ ᠴᠠᠶᠢᠪᠤᠷ ᠦᠡᠭᠭᠡ ᠶᠢᠨ ᠬᠤᠸᠠᠷ ᠵᠡᠭᠦᠳᠡᠭ᠃ ᠡᠭᠦᠨ ᠢ ᠬᠤᠷᠴᠢᠨ ᠳᠤ ︽ᠡᠮᠡᠭᠡᠨ ᠬᠤᠸᠠᠷ︾ ᠬᠡᠳᠡᠭ᠃     ᠬᠤᠷᠴᠢᠨ ᠡᠮᠡᠭᠳᠡᠶᠢᠴᠤᠳ ᠤᠨ ᠲᠤᠯᠤᠭᠠᠢ ᠶᠢᠨ ᠬᠤᠸᠠᠷ ᠵᠡᠭᠦᠭᠦ ᠵᠠᠩᠰᠢᠯ ᠨᠢ ᠮᠤᠩᠭᠤᠯ ᠡᠮᠡᠭᠳᠡᠶᠢᠴᠤᠳ ᠤᠨ ᠲᠤᠯᠤᠭᠠᠢ ᠶᠢᠨ ᠵᠠᠰᠠᠯ ᠢ ᠡᠷᠬᠢᠮᠯᠡᠨ ᠬᠦᠨᠳᠤᠳᠭᠡᠳᠡᠭ ᠵᠠᠩ ᠦᠢᠯᠡ ᠲᠠᠢ ᠬᠤᠯᠪᠤᠬᠳᠠᠨ᠎ᠠ᠃ ︽ᠶᠡᠷᠦ ᠨᠢ ᠲᠡᠭᠡᠭᠡᠳ ᠶᠠᠮᠠᠷ ᠴᠤ ᠬᠡᠰᠡᠨ ᠬᠦᠮᠤᠨ ᠠᠷᠠᠳ ᠬᠠᠷ᠎ᠠ ᠲᠤᠯᠤᠭᠠᠢ ᠲᠠᠢ ᠪᠠᠷ ᠶᠡᠭᠡᠴᠤᠳ ᠲᠠᠢ ᠠᠭᠤᠯᠵᠠᠵᠤ ᠤᠬᠳᠤ ᠪᠤᠯᠬᠤ ᠦᠭᠡᠢ ᠪᠠᠶᠢᠬᠰᠠᠨ ᠶᠤᠮ︾᠃ ᠨᠠᠩ ᠴᠤ ᠦᠡᠭᠭᠡᠷᠡᠭᠰᠡᠨ ᠦᠶ᠎ᠠ ᠳᠤ ᠪᠦᠰᠡᠭᠦᠢ ᠬᠦᠮᠤᠨ ᠵᠠᠰᠠᠯ ᠵᠡᠭᠦᠭᠡ ᠦᠭᠡᠢ ᠪᠠᠷ ᠶᠡᠭᠡᠴᠤᠳ ᠲᠠᠢ ᠵᠤᠯᠭᠠᠬᠤ ᠦᠭᠡᠢ᠂ ᠡᠷᠬᠢᠮ ᠢᠵᠠᠭᠤᠷᠳᠠᠨ ᠲᠠᠢ ᠤᠴᠠᠷᠠᠳᠠᠭ ᠦᠭᠡᠢ ᠪᠠᠶᠢᠵᠠᠢ᠃ ᠡᠨᠡ ᠲᠤᠬᠠᠢ ᠫᠠᠯᠠᠨ ᠺᠡᠷᠫᠢᠨ ᠤ ︽ᠮᠤᠩᠭᠤᠯ ᠳᠤ ᠵᠢᠭᠤᠯᠴᠢᠯᠠᠬᠰᠠᠨ ᠲᠡᠮᠳᠡᠭᠯᠡᠯ︾ ᠳᠤ᠄ ︽ᠡᠮᠡᠭᠳᠡᠶᠢᠴᠤᠳ ᠨᠢ ᠡᠶᠢᠮᠤᠷᠭᠦᠤ ᠲᠤᠯᠤᠭᠠᠢ ᠶᠢᠨ ᠵᠠᠰᠠᠯ ᠵᠡᠭᠦᠭᠰᠡᠨ ᠦᠭᠡᠢ ᠪᠤᠯᠪᠠᠯ ᠶᠡᠷᠦ ᠳᠡᠭᠡᠨ ᠬᠦᠮᠤᠨ ᠤ ᠡᠮᠤᠨ᠎ᠠ ᠭᠠᠷᠴᠤ ᠢᠷᠡᠳᠡᠭ ᠦᠭᠡᠢ ᠶᠤᠮ︾ ᠬᠡᠵᠠᠢ᠃ ᠲᠡᠭᠡᠪᠠᠯ ᠬᠤᠷᠴᠢᠨ ᠡᠮᠡᠭᠳᠡᠶᠢᠴᠤᠳ ᠶᠠᠭᠠᠬᠢᠭᠠᠳ ᠲᠤᠯᠤᠭᠠᠢ ᠶᠢᠨ ᠬᠤᠸᠠᠷ ᠵᠡᠭᠦᠭᠦ ᠵᠠᠩᠰᠢᠯ ᠲᠠᠢ ᠪᠤᠯᠤᠬᠰᠠᠨ ᠪᠤᠢ︖ ᠡᠭᠦᠨ ᠳᠤ ᠭᠠᠵᠠᠷ ᠵᠦᠢ ᠶᠢᠨ ᠤᠷᠴᠢᠨ ᠨᠦᠭᠦᠴᠠᠯ᠂ ᠠᠮᠢᠳᠤᠷᠠᠯ ᠠᠬᠤᠢ᠂ ᠦᠨᠳᠤᠰᠤᠳᠠᠨ ᠨᠦᠭᠦᠳ ᠤᠨ ᠰᠤᠶᠤᠯ ᠤᠨ ᠬᠠᠷᠢᠯᠴᠠᠭᠠᠨ ᠠᠴᠠ ᠪᠤᠯᠤᠬᠰᠠᠨ ᠨᠦᠯᠦᠭᠡ ᠵᠡᠷᠭᠡ ᠤᠯᠠᠨ ᠲᠠᠯ᠎ᠠ ᠶᠢᠨ ᠰᠢᠯᠳᠠᠭᠠᠨ ᠲᠠᠢ ᠪᠠᠶᠢᠭ᠎ᠠ᠃ ᠪᠢᠳᠠ ᠪᠦᠭᠦᠳᠡ ᠶᠢᠨ ᠮᠡᠳᠡᠵᠤ ᠪᠠᠶᠢᠬᠤ ᠪᠠᠷ᠂ ᠲᠡᠤᠭᠡᠨ ᠠᠴᠠ ᠠᠪᠤᠭᠠᠳ ᠮᠠᠨᠵᠤ ᠮᠤᠩᠭᠤᠯ ᠨᠢᠬᠳᠠ ᠬᠠᠷᠢᠴᠠᠭ᠎ᠠ ᠲᠠᠢ ᠪᠠᠶᠢᠬᠰᠠᠨ᠂ ᠤᠨᠴᠠᠭᠠᠢᠢᠯᠠᠨ ᠮᠠᠨᠵᠤ ᠪᠠ ᠬᠤᠷᠴᠢᠨᠴᠤᠳ ᠤᠨ ᠬᠠᠷᠢᠴᠠᠭ᠎ᠠ᠃ ᠴᠢᠩ ᠤᠯᠤᠰ ᠪᠠᠶᠢᠭᠤᠯᠤᠬᠳᠠᠬᠰᠠᠨ ᠤ ᠲᠠᠷᠠᠭ᠎ᠠ᠂ ᠮᠠᠨᠵᠤ ᠬᠤᠷᠴᠢᠨ ᠤ ᠬᠠᠷᠢᠴᠠᠭ᠎ᠠ ᠤᠯᠠᠮ ᠲᠤᠳᠤᠨᠤ ᠪᠤᠯᠵᠤ᠂ ᠮᠠᠨᠵᠤᠴᠤᠳ᠂ ᠬᠤᠷᠴᠢᠨᠴᠤᠳ ᠢ ᠤᠨᠴᠠ ᠪᠠᠶᠢᠷᠢᠨ ᠳᠤ ᠲᠠᠯᠪᠢᠵᠤ᠂ ᠬᠠᠳᠤᠨ ᠪᠠᠭᠤᠯᠭᠠᠬᠤ᠂ ᠡᠹᠦ᠋ ᠰᠤᠩᠭᠤᠬᠤ ᠳᠤ ᠬᠤᠷᠴᠢᠨᠴᠤᠳ ᠠᠴᠠ ᠭᠤᠤᠯ ᠰᠤᠩᠭᠤᠵᠤ ᠪᠠᠶᠢᠪᠠ᠃ ᠪᠦᠷᠢᠳᠭᠡᠯ ᠢ ᠦᠨᠳᠤᠰᠤᠯᠠᠪᠠᠯ᠂ ᠴᠢᠩ ᠤᠯᠤᠰ ᠪᠤᠭᠤᠮᠳᠠ ᠳᠤ ᠤᠷᠤᠬᠤ ᠠᠴᠠ ᠡᠮᠤᠨ᠎ᠠ᠂ ᠴᠢᠩ ᠬᠦᠷᠦᠨ ᠪᠤᠯᠤᠨ ᠬᠤᠷᠴᠢᠨ ᠠᠶᠢᠮᠠᠭ ᠤᠨ ᠬᠤᠭᠤᠷᠤᠨᠳᠤᠬᠢ ᠤᠷᠤᠭ ᠤᠨ ᠬᠤᠯᠪᠤᠭ᠎ᠠ ᠨᠢ ᠨᠡᠩ ᠨᠢᠬᠳᠠ ᠪᠤᠯᠵᠤ ᠮᠠᠨᠵᠤ ᠮᠤᠩᠭᠤᠯ ᠤᠨ ᠤᠷᠤᠭ ᠤᠨ ᠬᠤᠯᠪᠤᠭ᠎ᠠ ᠲᠤᠳᠤᠷ᠎ᠠ ᠵᠠᠭᠤᠨ ᠤ ᠭᠤᠴᠢ ᠶᠢ ᠡᠵᠡᠯᠡᠵᠤ ᠪᠠᠶᠢᠵᠠᠢ᠃ ᠡᠭᠦᠨ ᠤ ᠬᠠᠮᠳᠤ ᠮᠠᠨᠵᠤ ᠦᠨᠳᠤᠰᠤᠳᠡᠨ ᠤ ᠬᠠᠭᠠᠨ ᠤ ᠬᠦᠡᠭᠵᠤ ᠪᠠᠨ ᠬᠤᠷᠴᠢᠨ ᠳᠤ ᠪᠠᠭᠤᠯᠭᠠᠨ ᠦᠭᠭᠦ ᠳᠡᠭᠡᠨ ᠤᠯᠠᠨ ᠲᠤᠭᠠᠨ ᠤ ᠵᠡᠷᠤᠴᠠ ᠠᠷᠠᠳ ᠢ ᠲᠠᠭᠠᠭᠤᠯᠵᠤ ᠦᠭᠳᠡᠭ ᠪᠠᠶᠢᠵᠠᠢ᠃ ᠡᠳᠡᠭᠡᠷ ᠵᠠᠷᠤᠴᠠ ᠠᠷᠠᠳ ᠨᠢ ᠮᠠᠨᠵᠤ᠂ ᠬᠢᠳᠡᠳ ᠦᠨᠳᠤᠰᠤᠳᠡᠨ ᠤ ᠵᠠᠩ ᠦᠢᠯᠡ ᠶᠢᠨ ᠰᠤᠶᠤᠯ ᠢ ᠬᠤᠷᠴᠢᠨ ᠳᠤ ᠲᠠᠷᠬᠠᠭᠠᠨ ᠲᠡᠯᠭᠡᠷᠡᠭᠦᠯᠭᠦ ᠳᠤ ᠵᠤᠬᠢᠬᠤ ᠦᠢᠯᠡᠳᠤᠯ ᠦᠵᠡᠭᠦᠯᠪᠠ᠃ ︽ᠬᠦᠮᠤᠨ ᠲᠦᠷᠦᠯᠬᠢᠳᠠᠨ ᠤ ᠦᠨᠳᠤᠰᠤᠨ ᠵᠠᠩ ᠦᠢᠯᠡ ᠶᠢᠨ ᠲᠤᠳᠤᠷ᠎ᠠ ᠬᠤᠪᠴᠠᠰᠤ ᠵᠠᠰᠠᠯ ᠤᠨ ᠵᠠᠩ ᠦᠢᠯᠡ ᠨᠢ ᠬᠤᠪᠢᠷᠠᠮᠠᠳᠠᠭᠠᠢ ᠴᠢᠨᠠᠷ ᠢᠶᠠᠷ ᠬᠠᠮᠤᠭ ᠤᠨ ᠶᠡᠭᠡ ᠪᠠᠶᠢᠳᠠᠭ︾ ᠢᠶᠠᠷ ᠮᠠᠨᠵᠤ ᠶᠢᠨ ᠬᠤᠪᠴᠠᠰᠤ ᠵᠠᠰᠠᠯ ᠨᠢ ᠬᠤᠷᠴᠢᠨ ᠮᠤᠩᠭᠤᠯᠴᠤᠳ ᠤᠨ ᠬᠤᠪᠴᠠᠰᠤ ᠵᠠᠰᠠᠯ ᠢ ᠵᠤᠬᠢᠬᠤ ᠬᠡᠮᠵᠢᠶ᠎ᠠ ᠪᠠᠷ ᠨᠦᠯᠦᠭᠡᠯᠡᠭᠰᠡᠨ ᠪᠠᠶᠢᠨ᠎ᠠ᠂ ᠡᠰᠡᠭᠦᠯ᠎ᠠ ᠬᠤᠷᠴᠢᠨ ᠡᠮᠡᠭᠳᠡᠶᠢᠴᠤᠳ ᠤᠨ ᠲᠤᠯᠤᠭᠠᠢ ᠶᠢᠨ ᠵᠠᠰᠠᠯ᠂ ᠤᠨᠴᠠᠭᠠᠢᠢᠯᠠᠨ ᠲᠤᠯᠤᠭᠠᠢ ᠶᠢᠨ ᠬᠤᠸᠠᠷ ᠵᠡᠭᠦᠭᠦ ᠵᠠᠩᠰᠢᠯ ᠨᠢ ᠮᠠᠨᠵᠤ ᠡᠮᠡᠭᠳᠡᠶᠢᠴᠤᠳ ᠲᠤ ᠨᠦᠯᠦᠭᠡᠯᠡᠭᠳᠡᠭᠰᠡᠨ ᠴᠤ ᠪᠠᠶᠢᠵᠤ ᠪᠤᠯᠤᠨ᠎ᠠ᠃     ᠲᠤᠯᠤᠭᠠᠢ ᠶᠢᠨ ᠬᠤᠸᠠᠷ ᠵᠡᠭᠦᠭᠦ ᠪᠤᠯ ᠮᠠᠨᠵᠤ ᠡᠮᠡᠭᠳᠠᠶᠢᠴᠤᠳ ᠤᠨ ᠡᠷᠳᠡᠨ ᠠᠴᠠ ᠤᠯᠠᠮᠵᠢᠯᠠᠯ ᠲᠠᠢ ᠵᠠᠩᠰᠢᠯ ᠪᠤᠯᠤᠨ᠎ᠠ᠃ ᠡᠨᠡ ᠲᠤᠬᠠᠢ ᠰᠤᠯᠤᠩᠭᠤᠰ ᠤᠨ ᡁᠢ ᠫᠦ᠋ ᠵᠤᠸᠠᠨ ᠤ ︽ᠬᠠᠯᠠᠭᠤᠨ ᠭᠤᠤᠯ ᠤᠨ ᠲᠡᠮᠳᠡᠭᠯᠡᠯ︾ ᠳᠤ ᠮᠠᠨᠵᠤ ᠡᠮᠡᠭᠳᠡᠶᠢᠴᠤᠳ ᠤᠨ ᠲᠤᠬᠠᠢ᠄ ︽ᠭᠡᠭᠡᠷ᠎ᠠ ᠶᠢᠨ ᠴᠡᠴᠡᠭ ᠰᠠᠨᠴᠢᠭ ᠢ ᠨᠢ ᠪᠦᠷᠬᠦᠵᠤ᠂ ᠬᠦᠭᠰᠢᠨ ᠵᠠᠯᠠᠭᠤ ᠦᠯᠦ ᠢᠯᠭᠠᠬᠳᠠᠮᠤᠢ︾ ᠬᠡᠵᠤ ᠲᠡᠮᠳᠡᠭᠯᠡᠵᠤ ᠪᠤᠢ᠃ ᠮᠠᠨᠵᠤ ᠡᠮᠡᠭᠳᠡᠶᠢᠴᠤᠳ ᠠᠩᠬ᠎ᠠ ᠡᠬᠢᠨ ᠳᠡᠭᠡᠨ ᠭᠡᠭᠡᠷ᠎ᠠ ᠶᠢᠨ ᠰᠤᠷᠭᠤᠭ ᠴᠡᠴᠡᠭ ᠢ ᠵᠡᠭᠦᠵᠤ ᠪᠠᠶᠢᠬᠰᠠᠨ ᠢᠶᠠᠨ ᠬᠤᠵᠢᠮ ᠨᠢ ᠲᠡᠳᠠᠨ ᠤ ᠦᠰᠤ ᠬᠡᠵᠢᠭᠡᠨ ᠤ ᠬᠡᠯᠪᠠᠷᠢ ᠳᠤ ᠬᠤᠪᠢᠷᠠᠯᠳᠠ ᠭᠠᠷᠬᠤ ᠶᠢ ᠲᠠᠭᠠᠯᠳᠤᠨ ᠨᠢᠭᠡ ᠵᠦᠢᠯ ᠤᠨ ᠲᠤᠮᠤ ᠲᠤᠯᠤᠭᠠᠢ ᠶᠢᠨ ᠵᠠᠰᠠᠯ — ᠬᠢᠮᠠᠯ ᠲᠤᠯᠤᠭᠠᠢ ᠶᠢᠨ ᠬᠤᠸᠠᠷ ᠡᠭᠦᠰᠴᠠᠢ᠃ ᠮᠠᠨᠵᠤ ᠶᠢᠨ ᠬᠢᠮᠠᠯ ᠲᠤᠯᠤᠭᠠᠢ ᠶᠢᠨ ᠬᠤᠸᠠᠷ ᠨᠢ ᠡᠬᠢᠨ ᠳᠡᠭᠡᠨ ᠠᠯᠳᠠ᠂ ᠰᠤᠪᠤᠳ᠂ ᠡᠷᠳᠡᠨᠢ ᠶᠢᠨ ᠴᠢᠯᠠᠭᠤ ᠵᠡᠷᠭᠡ ᠪᠠᠷ ᠮᠠᠲ᠋ᠧᠷᠢᠶᠠᠯ ᠪᠤᠯᠭᠠᠵᠤ ᠪᠠᠶᠢᠬᠰᠠᠨ ᠢᠶᠠᠨ ᠴᠢᠩ ᠤᠯᠤᠰ ᠤᠨ ᠰᠡᠭᠦᠯᠴᠢ ᠪᠠᠷ ᠠᠮᠢᠳᠤᠷᠠᠯ ᠤᠨ ᠨᠦᠭᠦᠴᠠᠯ ᠠᠴᠠ ᠪᠤᠯᠵᠤ ᠴᠠᠯᠮᠠᠨ ᠬᠤᠸᠠᠷ᠂ ᠲᠤᠷᠭᠠᠨ ᠬᠤᠸᠠᠷ ᠴᠠᠭᠠᠰᠢᠯᠠᠨ ᠴᠠᠭᠠᠰᠤᠨ ᠬᠤᠸᠠᠷ᠂ ᠡᠪᠡᠰᠤᠨ ᠬᠤᠸᠠᠷ ᠪᠤᠯᠤᠨ ᠬᠤᠪᠢᠷᠠᠵᠠᠢ᠃ ᠡᠭᠦᠨ ᠳᠤ ᠲᠤᠷᠭᠠᠨ ᠬᠤᠸᠠᠷ ᠢ ᠬᠠᠮᠤᠭ ᠠᠴᠠ ᠡᠷᠬᠢᠮᠯᠡᠳᠡᠭ ᠪᠠᠶᠢᠪᠠ᠃ ᠮᠠᠨᠵᠤ ᠶᠢᠨ ᠬᠤᠸᠠᠷ ᠵᠡᠭᠦᠭᠦ ᠵᠠᠩᠰᠢᠯ ᠨᠢ ᠮᠠᠨᠵᠤ ᠬᠤᠷᠴᠢᠨ ᠤ ᠶᠠᠪᠤᠯᠴᠠᠭ᠎ᠠ ᠪᠠᠷ ᠲᠡᠮᠵᠢᠨ ᠬᠤᠷᠴᠢᠨᠴᠤᠳ ᠢ ᠵᠤᠬᠢᠬᠤ ᠬᠡᠮᠵᠢᠶ᠎ᠠ ᠪᠠᠷ ᠨᠦᠯᠦᠭᠡᠯᠡᠵᠠᠢ᠃ ᠬᠡᠭᠦ ᠳᠡᠭᠡᠨ ᠬᠤᠷᠴᠢᠨᠴᠤᠳ ᠡᠭᠦᠨ ᠢ ᠮᠤᠩᠭᠤᠯ ᠦᠨᠳᠤᠰᠤᠳᠡᠨ ᠤ ᠤᠯᠠᠮᠵᠢᠯᠠᠯᠳᠤ ᠰᠤᠶᠤᠯ ᠰᠡᠳᠬᠢᠬᠦᠢ ᠶᠢᠨ ᠤᠨᠴᠠᠯᠢᠭ ᠲᠠᠭᠠᠨ ᠵᠤᠬᠢᠴᠠᠭᠤᠯᠵᠤ᠂ ᠤᠷᠤᠨ ᠨᠤᠳᠤᠭ ᠤᠨ ᠤᠨᠴᠠᠯᠢᠭ ᠪᠦᠬᠦᠢ ᠲᠤᠯᠤᠭᠠᠢ ᠶᠢᠨ ᠵᠠᠰᠠᠯ ᠪᠤᠯᠭᠠᠵᠠᠢ᠃ ᠲᠠᠷᠠ ᠨᠢ ᠨᠡᠶᠢᠭᠡᠮ ᠤᠨ ᠬᠦᠭᠵᠢᠯᠳᠠ ᠶᠢ ᠲᠠᠭᠠᠯᠳᠤᠨ ᠤᠳᠤᠬᠠᠨ ᠳᠤ ᠨᠠᠶᠢᠳᠠᠮ ᠬᠡᠷᠡᠭᠯᠡᠭᠳᠡᠭᠦ ᠪᠠᠨ ᠪᠤᠯᠢᠬᠰᠠᠨ ᠪᠤᠯᠪᠠᠴᠤ ᠬᠤᠷᠢᠮ ᠶᠤᠰᠤᠯᠠᠯ ᠳᠤ ᠬᠦᠮᠤᠰ ᠮᠦᠨ ᠯᠡ ᠰᠢᠨ᠎ᠠ ᠪᠠᠷᠢ ᠶᠢᠨ ᠲᠤᠯᠤᠭᠠᠢ ᠳᠤ ᠤᠯᠠᠭᠠᠨ ᠬᠤᠸᠠᠷ ᠵᠡᠭᠦᠯᠭᠡᠵᠤ᠂ ᠦᠭᠡᠳᠠ ᠡᠰᠡᠷᠡᠭ᠂ ᠦᠯᠵᠠᠢ ᠮᠦᠷ ᠲᠠᠢ ᠰᠠᠶᠢᠨ ᠰᠠᠶᠢᠬᠠᠨ ᠪᠠᠶᠢᠬᠤ ᠶᠢ ᠪᠡᠯᠭᠡᠳᠠᠵᠤ᠂ ᠲᠤᠯᠤᠭᠠᠢ ᠶᠢᠨ ᠬᠤᠸᠠᠷ ᠵᠡᠭᠦᠭᠦ ᠵᠠᠩᠰᠢᠯ ᠢᠶᠠᠨ ᠬᠤᠷᠢᠮ ᠶᠤᠰᠤᠯᠠᠯ ᠤᠨ ᠬᠡᠯᠪᠠᠷᠢ ᠳᠤ ᠬᠠᠳᠠᠭᠠᠯᠠᠬᠰᠠᠭᠠᠷ ᠪᠠᠶᠢᠨ᠎ᠠ᠃    ( ᠳᠦᠡᠭᠯᠢᠶᠦᠦ ᠮᠤᠩᠭᠤᠯ ᠰᠦᠯᠵᠢᠶ᠎ᠠ︾ ᠠᠴᠠ ᠰᠢᠯᠵᠢᠭᠦᠯᠪᠡ︶
 
ᠢᠷᠡᠯᠲᠡ᠄ ᠬᠢᠩᠭᠠᠨ ᠤ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号